ᠵᠢᠷᠬᠢᠶ᠎ᠠ ᠪᠢᠴᠢᠯ ᠪᠦᠷᠭᠡ ᠪᠠᠷ ᠶᠠᠷᠢᠯᠴᠠᠵᠤ ᠵᠤᠭᠤᠭᠳᠠᠭᠰᠠᠨ ᠲᠡᠮᠳᠡᠭᠯᠡᠯ ᠢ ᠭᠡᠷᠡᠴᠢ ᠪᠠᠷᠢᠮᠲᠠ ᠪᠤᠯᠭᠠᠵᠤ ᠪᠤᠯᠬᠤ ᠪᠤᠯᠤᠯ᠎ᠠ
ᠨᠡᠶᠢᠲᠡᠯᠡᠭᠰᠡᠨ ᠴᠠᠭ᠄
2023/2/9
      ︽︿ᠢᠷᠭᠡᠨ ᠤ ᠬᠡᠷᠡᠭ ᠤᠨ ᠵᠠᠷᠭᠤ ᠶᠢᠨ ᠭᠡᠷᠡᠴᠢ ᠪᠠᠷᠢᠮᠲᠠ ᠶᠢᠨ ᠲᠤᠬᠠᠢ ᠲᠤᠭᠲᠠᠭᠠᠯ ᠤᠳ﹀ ᠲᠤ ᠵᠠᠰᠠᠪᠤᠷᠢ ᠤᠷᠤᠭᠤᠯᠬᠤ ᠲᠤᠬᠠᠢ ᠠᠷᠠᠳ ᠤᠨ ᠳᠡᠭᠡᠳᠤ ᠰᠢᠭᠦᠭᠦ ᠬᠤᠷᠢᠶ᠎ᠠ ᠶᠢᠨ ᠲᠤᠭᠲᠠᠭᠠᠯ︾ ᠢ ᠦᠨᠳᠦᠰᠦᠯᠡᠪᠡᠯ᠂ ᠬᠤᠶᠢᠰᠢᠳᠠ ᠵᠢᠷᠭᠢᠶ᠎ᠠ᠂ ᠪᠢᠴᠢᠯ ᠪᠦᠷᠭᠡ ᠪᠠᠷ ᠶᠠᠷᠢᠯᠴᠠᠵᠤ ᠵᠤᠭᠤᠭᠳᠠᠭᠰᠠᠨ ᠲᠡᠮᠳᠡᠭᠯᠡᠯ ᠢ ᠵᠢᠩᠬᠢᠨᠢ ᠪᠠᠷ ᠵᠠᠷᠭᠤ ᠬᠢᠬᠦ ᠭᠡᠷᠡᠴᠢ ᠪᠠᠷᠢᠮᠲᠠ ᠪᠤᠯᠭᠠᠵᠤ ᠪᠤᠯᠬᠤ ᠪᠤᠯᠵᠠᠢ᠃      ᠲᠤᠰ ᠲᠤᠭᠲᠠᠭᠠᠯ ᠢ ᠦᠨᠳᠦᠰᠦᠯᠡᠪᠡᠯ᠂ ᠡᠯᠧᠺᠲᠷᠤᠨ ᠲᠤᠭ᠎ᠠ ᠪᠠᠷᠢᠮᠲᠠ ᠳᠤ ᠳᠤᠤᠷᠠᠬᠢ ᠮᠡᠳᠡᠭᠡ ᠵᠠᠩᠭᠢ ᠪᠠ ᠡᠯᠧᠺᠲᠷᠤᠨ ᠪᠢᠴᠢᠭ ᠮᠠᠲ᠋ᠧᠷᠢᠶᠠᠯ ᠢ ᠪᠠᠭᠲᠠᠭᠠᠨ᠎ᠠ ᠄      ᠨᠢᠭᠡ᠂ ᠰᠦᠯᠵᠢᠶᠠᠨ ᠤ ᠨᠢᠭᠤᠷ᠂ ᠪᠦᠷᠭᠡ᠂ ᠪᠢᠴᠢᠯ ᠪᠦᠷᠭᠡ ᠵᠡᠷᠭᠡ ᠰᠦᠯᠵᠢᠶᠡᠨ ᠤ ᠲᠠᠪᠴᠠᠩ ᠳᠤ ᠨᠡᠶᠢᠲᠡᠯᠡᠭᠰᠡᠨ ᠮᠡᠳᠡᠭᠡ ᠵᠠᠩᠭᠢ︔     ᠬᠤᠶᠠᠷ᠂ ᠭᠠᠷ ᠤᠲᠠᠰᠤᠨ ᠤ ᠴᠠᠬᠢᠮ ᠴᠢᠮᠡᠭᠡ᠂ ᠢᠮᠧᠯ ᠵᠡᠷᠭᠡ ᠰᠦᠯᠵᠢᠶᠠᠨ ᠤ ᠬᠡᠷᠡᠭᠯᠡᠭᠡ ᠦᠢᠯᠡᠴᠢᠯᠡᠭᠡᠨ ᠤ ᠴᠢᠮᠡᠭᠡ ᠬᠤᠯᠪᠤᠭᠠᠨ ᠤ ᠮᠡᠳᠡᠭᠡ ᠵᠠᠩᠭᠢ︔      ᠭᠤᠷᠪᠠ᠂ ᠬᠡᠷᠡᠭᠯᠡᠭᠴᠢᠳ ᠤᠨ ᠳᠠᠩᠰᠠᠯᠠᠭᠤᠯᠤᠭᠰᠠᠨ ᠮᠡᠳᠡᠭᠡ ᠵᠠᠩᠭᠢ᠂ ᠪᠡᠶ᠎ᠠ ᠶᠢᠨ ᠦᠨᠡᠮᠯᠡᠯ ᠤᠨ ᠭᠡᠷᠡᠴᠢᠯᠡᠯ ᠤᠨ ᠮᠡᠳᠡᠭᠡ ᠵᠠᠩᠭᠢ᠂ ᠡᠯᠧᠺᠲᠷᠤᠨ ᠠᠷᠠᠯᠵᠢᠶᠠᠨ ᠤ ᠲᠡᠮᠳᠡᠭᠯᠡᠯ᠂ ᠴᠢᠮᠡᠭᠡ ᠬᠤᠯᠪᠤᠭᠠᠨ ᠤ ᠲᠡᠮᠳᠡᠭᠯᠡᠯ᠂ ᠰᠦᠯᠵᠢᠶᠠᠨ ᠳᠤ ᠭᠠᠷᠤᠭᠰᠠᠨ ᠡᠳᠦᠷ ᠤᠨ ᠲᠡᠮᠳᠡᠭᠯᠡᠯ ᠵᠡᠷᠭᠡ ᠮᠡᠳᠡᠭᠡ ᠵᠠᠩᠭᠢ︔      ᠳᠦᠷᠪᠡ᠂ ᠪᠢᠴᠢᠭ ᠡᠪᠬᠡᠮᠡᠯ᠂ ᠵᠢᠷᠤᠭ᠂ ᠠᠦᠳᠢᠣ᠋᠂ ᠸᠢᠳᠢᠣ᠋᠂ ᠲᠤᠭᠠᠴᠢᠯᠠᠭᠰᠠᠨ ᠦᠨᠡᠮᠯᠡᠯ᠂ ᠺᠤᠮᠫᠢᠦ᠋ᠲ᠋ᠧᠷ ᠤᠨ ᠫᠷᠤᠭ᠍ᠷᠡᠮ ᠵᠡᠷᠭᠡ ᠡᠯᠧᠺᠳ᠋ᠷᠤᠨ ᠪᠢᠴᠢᠭ ᠮᠠᠲ᠋ᠧᠷᠢᠶᠠᠯ︔      ᠲᠠᠪᠤ᠂ ᠪᠤᠰᠤᠳ ᠲᠤᠭᠠᠴᠢᠯᠠᠭᠰᠠᠨ ᠬᠡᠯᠪᠡᠷᠢ ᠪᠠᠷ ᠬᠠᠳᠠᠭᠠᠯᠠᠵᠤ᠂ ᠰᠢᠢᠳᠪᠦᠷᠢᠯᠡᠵᠤ᠂ ᠳᠠᠮᠵᠢᠭᠤᠯᠤᠭᠰᠠᠨ ᠬᠡᠷᠡᠭ ᠤᠨ ᠪᠤᠳᠠᠳᠤ ᠶᠠᠪᠤᠳᠠᠯ ᠢ ᠭᠡᠷᠡᠴᠢᠯᠡᠵᠤ ᠳᠡᠶᠢᠯᠬᠦ ᠮᠡᠳᠡᠭᠡ ᠵᠠᠩᠭᠢ ᠨᠤᠭᠤᠳ᠃      ᠮᠠᠨ ᠤ ᠤᠯᠤᠰ ᠤᠨ ᠬᠠᠤᠯᠢ ᠪᠠᠷᠢᠬᠤ ᠦᠢᠯᠡᠳᠦᠯᠭᠡ ᠳᠤᠮᠳᠠ ᠵᠢᠷᠭᠢᠶ᠎ᠠ ᠪᠠ ᠪᠢᠴᠢᠯ ᠪᠦᠷᠭᠡ ᠪᠠᠷ ᠶᠠᠷᠢᠯᠴᠠᠵᠤ ᠵᠤᠭᠤᠭᠳᠠᠭᠰᠠᠨ ᠲᠡᠮᠳᠡᠭᠯᠡᠯ ᠵᠡᠷᠭᠡ ᠶᠢ ᠰᠢᠭᠦᠨ ᠰᠢᠢᠳᠪᠦᠷᠢᠯᠡᠭᠰᠡᠨ ᠬᠡᠷᠡᠭ ᠤᠨ ᠵᠢᠱᠢᠶ᠎ᠠ ᠵᠠᠯᠭᠠᠭ᠎ᠠ ᠪᠠᠷ ᠭᠠᠷᠴᠤ ᠪᠤᠢ᠃     ᠠᠴᠢ ᠬᠤᠯᠪᠤᠭᠳᠠᠯ᠄ ᠲᠤᠰ ᠲᠤᠭᠲᠠᠭᠠᠯ ᠤᠨ ᠨᠡᠶᠢᠲᠡᠯᠡᠭᠳᠡᠭᠰᠡᠨ ᠨᠢ ᠤᠯᠤᠰ ᠤᠨ ᠬᠠᠮᠤᠭ ᠤᠨ ᠳᠡᠭᠡᠳᠤ ᠰᠢᠭᠦᠨ ᠲᠠᠰᠤᠯᠬᠤ ᠪᠠᠶᠢᠭᠤᠯᠭ᠎ᠠ ᠠᠴᠠ ᠵᠢᠷᠬᠢᠶ᠎ᠠ᠂ ᠪᠢᠴᠢᠯ ᠪᠦᠷᠭᠡ ᠪᠠᠷ ᠶᠠᠷᠢᠯᠴᠠᠵᠤ ᠵᠤᠭᠤᠭᠳᠠᠭᠰᠠᠨ ᠲᠡᠮᠳᠡᠭᠯᠡᠯ ᠤᠨ ᠬᠠᠤᠯᠢ ᠴᠠᠭᠠᠵᠠ ᠶᠢᠨ ᠲᠠᠶᠢᠯᠪᠤᠷᠢᠯᠠᠯ ᠳᠤᠮᠳᠠᠬᠢ ᠭᠡᠷᠡᠴᠢ ᠪᠠᠷᠢᠮᠲᠠ ᠶᠢᠨ ᠪᠠᠶᠢᠷᠢ ᠰᠠᠭᠤᠷᠢ ᠶᠢ ᠵᠢᠩᠬᠢᠨᠢ ᠪᠠᠷ ᠨᠤᠲᠠᠯᠠᠭᠰᠠᠨ ᠢ ᠬᠠᠷᠠᠭᠤᠯᠵᠤ ᠪᠠᠶᠢᠨ᠎ᠠ᠃
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ