ᠰᠢᠬᠢᠷ ᠮᠠᠨᠵᠢᠨ ᠢ ᠠᠷᠡᠴᠢᠯᠠᠬᠤ ᠮᠡᠷᠭᠡᠵᠢᠯ
ᠨᠡᠶᠢᠲᠡᠯᠡᠭᠰᠡᠨ ᠴᠠᠭ᠄
2023/2/9
                               ᠰᠢᠬᠢᠷ ᠮᠠᠨᠵᠢᠨ ᠴᠢᠬᠢᠯᠡᠭᠰᠠᠨ ᠤ ᠲᠠᠷᠠᠭ᠎ᠠ ᠡᠷᠳᠡ ᠰᠢᠭ ᠰᠢᠩᠭᠡᠯᠡᠵᠣ ᠴᠢᠬᠢ ᠰᠠᠭᠤᠷᠢᠰᠢᠭᠤᠯᠵᠤ᠂ ᠨᠢᠬᠳᠡᠴᠠ ᠶᠢᠨ ᠬᠡᠮᠵᠢᠶ᠎ᠠ ᠶᠢ ᠨᠢ ᠵᠣᠬᠢᠰᠳᠡᠢ ᠲᠠᠩᠨᠠᠬᠦᠯᠵᠤ᠂ ᠬᠤᠷᠢᠶᠠᠯᠳᠡ ᠶᠢᠨ ᠬᠡᠮᠵᠢᠶ᠎ᠠ ᠶᠢ ᠨᠡᠮᠡᠭᠳᠡᠬᠦᠯᠣᠭᠡᠳ ᠰᠢᠬᠢᠷ ᠤᠨ ᠠᠭᠤᠯᠣᠬᠳᠡᠴᠠ ᠶᠢ ᠠᠷᠪᠢᠳᠬᠠᠬᠤ ᠳᠤ ᠲᠣᠩ ᠰᠠᠶᠢᠨ ᠨᠦᠬᠦᠴᠠᠯ ᠪᠦᠷᠢᠯᠳᠣᠬᠦᠯᠵᠣ ᠦᠭᠬᠦ ᠴᠢᠬᠤᠯᠡ ᠲᠠᠢ᠃     ᠰᠢᠬᠢᠷ ᠮᠠᠨᠵᠢᠨ ᠤ ᠴᠢᠬᠢ ᠰᠢᠩᠭᠡᠯᠠᠵᠣ ᠴᠢᠬᠢ ᠰᠠᠭᠤᠷᠢᠰᠢᠭᠤᠯᠬᠤ ᠠᠵᠢᠯ ᠢ ᠠᠯᠢ ᠴᠢᠳᠡᠬᠤ ᠪᠠᠷ ᠡᠷᠳᠡ ᠰᠢᠭ ᠪᠠᠶᠠᠯᠠᠬᠦᠯᠪᠡᠯ ᠰᠠᠶᠢᠨ᠃ ᠢᠩᠬᠢᠪᠡᠯ ᠨᠢᠯᠬ᠎ᠠ ᠴᠢᠬᠢ ᠶᠢ ᠪᠠᠭᠰᠢᠷᠡᠨ ᠰᠢᠬᠠᠯᠳᠣᠬᠰᠠᠨ ᠲᠠᠪᠴᠢᠭᠤ ᠪᠠᠶᠢᠳᠡᠯ ᠠᠴᠠ ᠴᠢᠯᠣᠭᠡᠯᠡᠵᠣ᠂ ᠲᠠᠬᠦᠨ ᠤ ᠢᠳᠡᠷᠡᠬᠦᠨ ᠲᠣᠷᠪᠢᠯᠢᠭ ᠣᠷᠣᠭᠤᠬᠤ ᠳᠤ ᠨᠢ ᠲᠣᠰᠠᠳᠡᠢ ᠶᠣᠮ᠃ ᠡᠶᠢᠮᠣ ᠣᠴᠢᠷ ᠠᠴᠠ ᠰᠢᠬᠢᠷ ᠮᠠᠨᠵᠢᠨ ᠨᠢᠭᠡᠨ ᠬᠤᠣᠰ ᠵᠢᠩᠬᠢᠨᠢ ᠨᠠᠪᠴᠢ ᠭᠠᠷᠣᠮᠠᠬᠴᠠ ᠴᠢᠬᠢ ᠰᠢᠩᠭᠡᠯᠡᠬᠦ ᠪᠦᠭᠡᠳ ᠴᠣᠨᠣᠬᠯᠡᠨ ᠲᠠᠷᠢᠬᠰᠠᠨ ᠪᠣᠯ ᠴᠣᠨᠤᠭ ᠪᠦᠷᠢ ᠳᠤ 2 — 3 ᠴᠢᠬᠢ ᠦᠯᠡᠳᠡᠭᠡᠵᠣ᠂ ᠵᠣᠷᠬᠠᠯᠡᠨ ᠲᠠᠷᠢᠬᠰᠠᠨ ᠪᠣᠯ ᠴᠢᠬᠢ ᠨᠦᠭᠦᠳ ᠤᠨ ᠬᠤᠭᠤᠷᠣᠨᠳᠣ 3 — 7CM ᠤᠨ ᠵᠠᠢ ᠭᠠᠷᠭᠠᠵᠣ ᠪᠠᠶᠢᠨ᠎ᠠ᠃     ᠰᠢᠬᠢᠷ ᠮᠠᠨᠵᠢᠨ ᠤ ᠲᠠᠷᠢᠶ᠎ᠠ ᠡᠯᠳᠡᠪ ᠵᠦᠢᠯ ᠤᠨ ᠣᠷᠰᠢᠭ ᠢᠶᠠᠷ ᠴᠢᠬᠢ ᠲᠣᠳᠡᠪᠡᠯ ᠲᠦᠷᠭᠡᠨ ᠨᠦᠬᠦᠪᠣᠷᠢᠯᠡᠵᠣ ᠲᠠᠷᠢᠬᠤ ᠪᠣᠶᠣ ᠰᠢᠯᠵᠢᠬᠦᠯᠣᠨ ᠵᠠᠶᠢᠯᠠᠬᠤ ᠭᠡᠷᠡᠭᠳᠡᠢ᠃ ᠪᠣᠰᠢᠭᠤᠬᠠᠨ ᠴᠢᠬᠢᠯᠡᠬᠦ ᠶᠢ ᠪᠠᠳᠣᠯᠠᠬᠤ ᠶᠢᠨ ᠲᠦᠯᠣᠭᠡ᠂ ᠦᠷ᠎ᠡ ᠪᠠᠨ ᠰᠣᠶᠣᠭᠠᠯᠠᠭᠤᠯᠣᠭᠠᠳ ᠨᠦᠬᠦᠵᠣ ᠲᠠᠷᠢᠪᠡᠯ ᠬᠠᠮᠤᠭ ᠤᠨ ᠰᠠᠶᠢᠨ᠃ ᠪᠣᠳᠡᠳᠡᠢ ᠪᠠᠷ ᠬᠡᠯᠡᠪᠡᠯ᠂ ᠦᠷ᠎ᠡ ᠪᠠᠨ 20 ᠭᠷᠡᠳᠦ᠋ᠰ ᠣᠷᠴᠢᠮ ᠤᠨ ᠪᠦᠯᠢᠶᠠᠨ ᠣᠰᠣᠨ ᠳᠤ 24 ᠴᠠᠭ ᠲᠠᠪᠳᠣᠭᠡᠭᠰᠠᠨ ᠤ ᠲᠠᠷᠠᠭ᠎ᠠ ᠱᠦᠬᠦᠨ ᠭᠠᠷᠭᠠᠵᠣ ᠡᠭᠡᠰᠢᠭᠡᠭᠡᠳ᠂ ᠨᠦᠢᠳᠡᠨ ᠪᠦᠰ ᠣᠭᠤᠳᠡᠨ ᠲᠡᠭᠡᠷ᠎ᠡ ᠲᠡᠯᠭᠡᠵᠣ᠂ ᠬᠠᠯᠠᠭᠤᠨ ᠬᠠᠨᠵᠣᠨ ᠲᠡᠭᠡᠷ᠎ᠡ ᠲᠠᠯᠪᠢᠵᠣ ᠰᠣᠶᠣᠭᠠᠯᠠᠭᠤᠯᠣᠨ᠎ᠠ᠃ ᠲᠡᠭᠡᠭᠡᠳ ᠬᠦᠪᠣᠷᠡᠯ ᠤᠨ ᠦᠨᠳᠣᠰᠣ ᠨᠢ ᠦᠷ᠎ᠡ ᠶᠢᠨ ᠬᠠᠯᠢᠰᠣ ᠠᠴᠠ ᠪᠣᠯᠳᠡᠶᠢᠮᠡᠬᠴᠠ ᠴᠢᠬᠢ ᠲᠣᠬᠳᠡᠬᠰᠠᠨ ᠲᠠᠷᠢᠶᠠᠨ ᠳᠤ ᠪᠠᠨ ᠠᠪᠠᠴᠢᠵᠣ ᠲᠠᠷᠢᠨ᠎ᠠ᠃ ᠰᠢᠯᠵᠢᠬᠦᠯᠵᠤ ᠵᠠᠶᠢᠯᠠᠬᠤ ᠭᠡᠳᠡᠭ ᠨᠢ ᠴᠢᠬᠢ ᠰᠢᠩᠭᠡᠯᠡᠬᠦ ᠦᠶ᠎ᠠ ᠳᠤ ᠪᠠᠨ᠂ ᠰᠢᠬᠠᠯᠳᠣᠭᠤ ᠣᠷᠭᠤᠵᠣ ᠪᠠᠶᠢᠬᠰᠠᠨ ᠴᠢᠬᠢ ᠶᠢ ᠱᠣᠷᠣᠳᠡᠢ ᠬᠤᠰᠣᠭᠤᠷ ᠢᠶᠠᠷ ᠨᠦᠢᠳᠡᠨ ᠰᠢᠷᠣᠢ ᠲᠠᠢ ᠨᠢ ᠡᠪᠳᠡᠶᠢᠭᠡᠨ ᠡᠳᠡᠵᠣ ᠠᠪᠣᠭᠠᠳ ᠴᠢᠬᠢ ᠲᠣᠬᠳᠡᠬᠰᠠᠨ ᠣᠩᠭᠤᠷᠬᠠᠢ ᠳᠤ ᠠᠪᠠᠴᠢᠵᠣ ᠵᠠᠶᠢᠯᠠᠬᠤ ᠶᠢ ᠬᠡᠯᠡᠵᠣ ᠪᠠᠶᠢᠨ᠎ᠠ᠃ ᠬᠡᠬᠦ ᠳᠤ ᠪᠠᠨ ᠪᠣᠷᠣᠭᠠᠨ ᠤ ᠡᠮᠣᠨ᠎ᠠ᠂ ᠪᠣᠷᠣᠭᠠᠨ ᠤ ᠬᠤᠶᠢᠨ᠎ᠠ ᠵᠡᠪᠳᠣᠵᠣ ᠬᠢᠬᠦ ᠪᠣᠶᠣ ᠵᠠᠶᠢᠯᠠᠵᠣ ᠪᠠᠷᠡᠮᠠᠬᠴᠠ ᠣᠰᠣᠯᠡᠪᠡᠯ ᠡᠳᠡᠭᠡᠷᠡᠯᠳᠡ ᠨᠢ ᠰᠠᠶᠢᠨ ᠪᠣᠯᠳᠠᠭ᠃ ᠰᠢᠬᠢᠷ ᠮᠠᠨᠵᠢᠨ ᠤ ᠴᠢᠬᠢ ᠶᠢᠨ ᠨᠢᠬᠳᠡᠴᠠ ᠨᠢ ᠬᠤᠷᠢᠶᠠᠯᠳᠡ ᠶᠢᠨ ᠲᠤᠭ᠎ᠠ ᠪᠡ ᠴᠢᠨᠠᠷ ᠢ ᠨᠦᠯᠣᠭᠡᠯᠡᠬᠦ ᠲᠣᠯᠡ ᠰᠢᠬᠢᠷ ᠮᠠᠨᠵᠢᠨ ᠢ ᠵᠣᠬᠢᠰᠳᠡᠢ ᠨᠢᠬᠳᠡ ᠲᠠᠷᠢᠬᠤ ᠪᠣᠯ ᠴᠢᠬᠢ ᠨᠦᠭᠦᠳ ᠤᠨ ᠬᠤᠭᠤᠷᠣᠨᠳᠣᠬᠢ ᠵᠠᠢ ᠬᠢᠬᠡᠳ ᠵᠣᠷᠬ᠎ᠠ ᠶᠢᠨ ᠬᠤᠭᠤᠷᠣᠨᠳᠣᠬᠢ ᠵᠠᠢ ᠶᠢ ᠰᠢᠨᠵᠢᠯᠡᠬᠦ ᠣᠬᠠᠭᠠᠨᠴᠢ ᠪᠠᠷ ᠲᠡᠩᠨᠠᠬᠦᠯᠵᠣ᠂ ᠨᠠᠪᠴᠢ ᠪᠡ ᠲᠦᠮᠣᠰᠦᠯᠢᠭ ᠦᠨᠳᠣᠰᠣ ᠶᠢ ᠨᠢ ᠲᠣᠷᠪᠢᠯᠢᠭ ᠣᠷᠭᠤᠭᠤᠯᠣᠨ᠂ ᠰᠢᠬᠢᠷ ᠤᠨ ᠠᠭᠤᠯᠣᠬᠳᠡᠬᠴᠠ ᠶᠢ ᠠᠯᠢ ᠪᠣᠯᠬᠤᠶᠢᠴᠠ ᠠᠷᠪᠢᠳᠬᠠᠬᠤ ᠶᠢᠨ ᠲᠦᠯᠣᠭᠡ ᠶᠣᠮ᠃     ᠰᠢᠬᠢᠷ ᠮᠠᠨᠵᠢᠨ ᠢ ᠲᠠᠷᠢᠬᠰᠠᠨ ᠨᠢᠬᠳᠡᠴᠠ ᠨᠢ ᠠᠳᠡᠯᠢ ᠦᠭᠡᠢ ᠶᠢᠨ ᠣᠯᠡᠮ ᠠᠴᠠ᠂ ᠰᠢᠮ᠎ᠠ ᠲᠡᠵᠢᠭᠡᠯ ᠬᠦᠷᠳᠡᠭᠴᠢ ᠨᠠᠪᠴᠢᠨ ᠢᠯᠳᠡᠰᠣ ᠬᠢᠬᠡᠳ ᠦᠨᠳᠣᠰᠣ ᠶᠢᠨ ᠰᠢᠰᠲ᠋ᠧᠮ ᠤᠨ ᠬᠢᠨᠢ ᠣᠷᠭᠤᠯᠳᠡ ᠶᠢᠨ ᠪᠠᠶᠢᠳᠡᠯ ᠢᠯᠭᠠᠭ᠎ᠠ  ᠲᠠᠢ ᠪᠠᠶᠢᠳᠠᠭ᠃ ᠣᠨᠴᠠᠭᠠᠶᠢᠯᠡᠨ ᠪᠣᠳᠡᠭᠠᠯᠢ ᠪᠠᠭ᠎ᠠ ᠪᠣᠯᠭᠠᠨ ᠤ ᠲᠦᠮᠣᠰᠦᠯᠢᠭ ᠦᠨᠳᠣᠰᠣ ᠶᠢᠨ ᠶᠡᠭᠡ ᠪᠠᠭ᠎ᠠ ᠶᠢᠨ ᠬᠡᠮᠵᠢᠶ᠎ᠠ ᠨᠢ ᠠᠳᠡᠯᠢ ᠪᠣᠰᠣ ᠪᠣᠯᠬᠤ ᠶᠣᠮ᠃  
ᠢᠷᠡᠯᠲᠡ᠄ ᠬᠢᠩᠭᠠᠨ ᠤ ᠡᠳᠦᠷ ᠤᠨ ᠰᠤᠨᠢᠨ