ᠥᠨᠳᠡᠭᠡᠨ ᠬᠠᠯᠢᠰᠤ᠄ ᠥᠨᠳᠡᠭᠡᠨ ᠬᠠᠯᠢᠰᠤᠨ ᠳᠤ 94% ᠶᠢᠨ ᠨᠡᠭᠦᠷᠡᠰᠦᠬᠦ᠋ᠴᠢᠯ ᠤᠨ ᠺᠠᠯᠼ᠂ 1% ᠶᠢᠨ ᠨᠡᠭᠦᠷᠡᠰᠦᠬᠦ᠋ᠴᠢᠯ ᠤᠨ ᠮᠠᠭᠨᠢ᠂ 5% ᠶᠢᠨ | ᠤᠭᠤᠷᠠᠭ ᠠᠭᠤᠯᠤᠭᠳᠠᠨ᠎ᠠ᠂ ᠥᠨᠳᠡᠭᠡᠨ ᠬᠠᠯᠢᠰᠤ ᠶᠢ ᠴᠡᠪᠡᠷ ᠤᠰᠤ ᠪᠠᠷ ᠤᠬᠢᠶᠠᠨ ᠴᠡᠪᠡᠷᠯᠡᠵᠦ᠂ ᠪᠤᠴᠠᠯᠤᠭᠰᠠᠨ ᠤᠰᠤᠨ ᠳᠤ ᠬᠠᠭᠠᠰ ᠴᠠᠭ ᠪᠤᠴᠠᠯᠭᠠᠭᠠᠳ ᠡᠭᠡᠭᠡᠵᠦ | ᠬᠠᠳᠠᠭᠠᠬᠤ ᠪᠤᠶᠤ ᠬᠠᠭᠰᠠᠭᠠᠵᠤ ᠬᠡᠮᠬᠡᠯᠡᠭᠡᠳ ᠨᠤᠨᠳᠠᠭᠯᠠᠪᠠᠯ᠂ ᠮᠠᠯ ᠵᠢᠭᠦᠷᠲᠡᠨ ᠤ ᠰᠢᠯᠢᠳᠡᠭ ᠡᠷᠦᠳᠡᠰᠦ ᠶᠢᠨ ᠲᠡᠵᠢᠭᠡᠯ ᠪᠣᠷᠳᠤᠭ᠎ᠠ ᠪᠣᠯᠣᠨ᠎ᠠ᠂ ᠭᠠᠭ᠋ᠠᠢ ᠶᠢᠨ ᠡᠳᠦᠷ ᠤᠨ | ᠠᠮᠤ ᠶᠢᠨ 1% - 2%᠂ ᠦᠬᠡᠷ ᠬᠤᠨᠢᠨ ᠤ ᠡᠳᠦᠷ ᠤᠨ ᠠᠮᠤ ᠶᠢᠨ 0.5% - 1%᠂ ᠥᠨᠳᠡᠭᠡᠯᠡᠬᠦ ᠲᠠᠬᠢᠶ᠎ᠠ ᠶᠢᠨ ᠡᠳᠦᠷ ᠤᠨ ᠠᠮᠤ ᠶᠢᠨ 3% - 4% ᠪᠠᠷ | ᠲᠡᠵᠢᠭᠡᠯ ᠪᠣᠷᠳᠤᠭ᠎ᠠ ᠳᠤ ᠬᠤᠯᠢᠵᠤ ᠣᠷᠣᠭᠤᠯᠤᠨ᠎ᠠ᠃ | ᠲᠠᠤᠯᠠᠢ ᠶᠢᠨ ᠢᠯᠭᠠᠳᠠᠰᠤ᠄ ᠲᠠᠤᠯᠠᠢ ᠶᠢᠨ ᠬᠠᠭᠤᠷᠠᠢ ᠢᠯᠭᠠᠳᠠᠰᠤᠨ ᠤ ᠳᠣᠲᠣᠷ᠎ᠠ ᠪᠦᠳᠦᠭᠦᠯᠢᠭ ᠤᠭᠤᠷᠠᠭ 18.7%᠂ ᠥᠭᠡᠬᠦ 4.3%᠂ ᠦᠨᠡᠰᠦ 2% | ᠵᠡᠷᠭᠡ ᠠᠭᠤᠯᠤᠭᠳᠠᠨ᠎ᠠ᠂ ᠲᠠᠤᠯᠠᠢ ᠶᠢᠨ ᠢᠯᠭᠠᠳᠠᠰᠤ ᠪᠠᠷ ᠭᠠᠭ᠋ᠠᠢ ᠲᠡᠵᠢᠭᠡᠬᠦ ᠭᠤᠷᠪᠠᠨ ᠵᠦᠢᠯ ᠤᠨ ᠠᠷᠭ᠎ᠠ ᠪᠣᠢ᠄ ᠲᠠᠤᠯᠠᠢ ᠶᠢᠨ ᠢᠯᠭᠠᠳᠠᠰᠤ ᠶᠢ ᠬᠠᠲᠠᠭᠠᠵᠤ | ᠬᠡᠮᠬᠡᠯᠦᠭᠰᠡᠨ ᠤ ᠳᠠᠷᠠᠭ᠎ᠠ᠂ ᠵᠣᠬᠢᠬᠤ ᠬᠠᠷᠢᠴᠠᠯ ᠢᠶᠠᠷ ᠲᠡᠵᠢᠭᠡᠯ ᠪᠣᠷᠳᠤᠭ᠎ᠠ ᠳᠤ ᠬᠤᠯᠢᠵᠤ ᠢᠳᠡᠭᠦᠯᠦᠨ᠎ᠡ︔ ᠬᠠᠲᠠᠭᠠᠭᠰᠠᠨ ᠲᠠᠤᠯᠠᠢ ᠶᠢᠨ ᠢᠯᠭᠠᠳᠠᠰᠤ ᠶᠢ ᠤᠰᠤᠨ ᠳᠤ | ᠳᠡᠪᠲᠦᠭᠡᠵᠦ᠂ ᠵᠥᠭᠡᠯᠡᠷᠡᠭᠦᠯᠦᠭᠰᠡᠨ ᠤ ᠳᠠᠷᠠᠭ᠎ᠠ ᠲᠡᠵᠢᠭᠡᠯ ᠪᠣᠷᠳᠣᠭᠠᠨ ᠳᠤ ᠬᠢᠵᠦ ᠢᠳᠡᠭᠦᠯᠦᠨ᠎ᠡ᠃ ᠲᠤᠬᠠᠢ ᠶᠢᠨ ᠡᠳᠦᠷ ᠤᠨ ᠰᠢᠨ᠎ᠡ ᠰᠣᠷᠭᠤᠭ ᠲᠠᠤᠯᠠᠢ ᠶᠢᠨ | ᠢᠯᠭᠠᠳᠠᠰᠤ ᠶᠢ ᠲᠡᠵᠢᠭᠡᠯ ᠪᠣᠷᠳᠣᠭᠠᠨ ᠳᠤ ᠬᠤᠯᠢᠵᠤ᠂ ᠡᠳᠦᠷ ᠪᠦᠷᠢ ᠪᠠᠭ᠎ᠠ ᠨᠠᠰᠤᠨ ᠤ ᠲᠤᠷᠤᠢ ᠳᠤ 0.2 ᠺᠢᠯᠣᠭ᠍ᠷᠠᠮ ᠲᠡᠵᠢᠭᠡᠵᠦ᠂ ᠵᠠᠯᠠᠭᠤ ᠲᠤᠷᠤᠢ ᠳᠤ 0.3 | ᠺᠢᠯᠣᠭ᠍ᠷᠠᠮ ᠲᠡᠵᠢᠭᠡᠨ᠎ᠡ᠃ | ᠯᠣᠬᠠᠱᠧᠩ ᠤᠨ ᠬᠠᠯᠢᠰᠤ᠄ ᠥᠭᠡᠬᠦ᠂ ᠴᠠᠷᠳᠠᠭᠤᠯ᠂ ᠰᠢᠬᠢᠷ ᠤᠨ ᠵᠦᠢᠯ ᠵᠢᠴᠢ ᠡᠷᠦᠳᠡᠰᠦ᠂ ᠸᠢᠲ᠋ᠠᠮᠢᠨ ᠵᠡᠷᠭᠡ ᠠᠭᠤᠯᠤᠭᠳᠠᠨ᠎ᠠ᠂ ᠲᠡᠭᠦᠨ ᠢ ᠬᠡᠮᠬᠡᠯᠡᠵᠦ᠂ | 10% ᠶᠢᠨ ᠬᠠᠷᠢᠴᠠᠯ ᠢᠶᠠᠷ ᠪᠤᠭᠤᠳᠠᠢ ᠶᠢᠨ ᠬᠡᠪᠡᠭ᠂ ᠲᠡᠵᠢᠭᠡᠯ ᠪᠣᠷᠳᠣᠭᠠᠨ ᠳᠤ ᠬᠤᠯᠢᠵᠤ᠂ ᠲᠠᠬᠢᠶ᠎ᠠ ᠲᠡᠵᠢᠭᠡᠪᠡᠯ ᠥᠨᠳᠡᠭᠡᠯᠡᠬᠦ ᠨᠣᠷᠮ᠎ᠠ ᠶᠢ 20% ᠪᠠᠷ | ᠳᠡᠭᠡᠭᠰᠢᠯᠡᠭᠦᠯᠦᠨ᠎ᠡ᠃ | |