| ᠨᠢᠳᠤ ᠬᠠᠭᠤᠷᠠᠶᠢᠳᠠᠬᠤ ᠪᠤᠯ ᠨᠢᠬᠡ ᠵᠦᠢᠯ ᠤᠨ ᠡᠪᠡᠳᠴᠢᠨ ᠤ ᠢᠯᠡᠷᠡᠯ ᠮᠦᠨ᠂ ᠤᠯᠠᠨ ᠵᠦᠢᠯ ᠤᠨ ᠰᠢᠯᠳᠠᠭᠠᠨ ᠲᠠᠢ᠂ ᠪᠠᠷᠤᠭ ᠨᠢᠳᠤ ᠬᠠᠭᠤᠷᠠᠶᠢᠳᠠᠬᠤ ᠬᠡᠮ | ᠪᠠᠶᠢᠵᠤ ᠮᠡᠳᠡᠨ᠎ᠠ᠂ ᠪᠠᠰᠠ ᠨᠢᠳᠤᠨ ᠤ ᠭᠠᠳᠠᠷᠭᠤ ᠶᠢᠨ ᠬᠡᠮᠳᠦᠯ ᠠᠴᠠ ᠪᠤᠯᠤᠭᠰᠠᠨ ᠨᠢᠳᠤ ᠬᠠᠳᠠᠬᠤ ᠡᠪᠡᠳᠴᠢᠨ ᠪᠠᠶᠢᠵᠤ ᠮᠡᠳᠡᠨ᠎ᠠ᠂ ᠡᠰᠡᠬᠦᠯ᠎ᠠ ᠪᠤᠰᠤᠳ ᠡᠪᠡᠳᠴᠢᠨ ᠤ | ᠨᠢᠳᠤᠨ ᠤ ᠬᠡᠰᠡᠭ ᠲᠤ ᠢᠯᠡᠷᠡᠬᠦ ᠡᠪᠡᠳᠴᠢᠨ ᠤ ᠢᠯᠡᠷᠡᠯ᠂ ᠵᠢᠱᠢᠶᠡᠯᠡᠪᠡᠯ ᠬᠠᠭᠤᠷᠠᠶᠢᠳᠠᠬᠤ ᠬᠡᠮ ᠵᠡᠷᠬᠡ᠃ | ᠰᠦᠨᠢᠵᠢᠨ ᠠᠵᠢᠯᠯᠠᠬᠤ᠂ ᠢᠳᠡᠬᠡᠨ ᠤᠮᠳᠠᠭᠠᠨ ᠤ ᠲᠤᠮᠳᠠ ᠸᠢᠲ᠋ᠠᠮᠢᠨ A ᠲᠤᠳᠠᠭᠳᠠᠬᠤ᠂ ᠤᠷᠳᠤ ᠬᠤᠭᠤᠴᠠᠭ᠎ᠠ ᠪᠠᠷ ᠡᠯᠧᠺᠲᠷᠤᠨ ᠪᠦᠲᠦᠬᠡᠭᠳᠡᠬᠦᠨ ᠬᠡᠷᠡᠭᠯᠡᠬᠦ | ᠂ ᠨᠢᠭᠤᠴᠠᠭᠠᠢ ᠨᠢᠳᠤᠨ ᠰᠢᠯ ᠵᠡᠬᠦᠬᠦ ᠵᠡᠷᠬᠡ ᠨᠢ ᠪᠦᠷ ᠨᠢᠳᠤ ᠬᠠᠭᠤᠷᠠᠶᠢᠳᠠᠬᠤ᠂ ᠨᠢᠳᠤ ᠤᠯᠠᠶᠢᠬᠤ ᠵᠡᠷᠬᠡ ᠪᠠᠶᠢᠳᠠᠯ ᠢ ᠡᠬᠦᠰᠬᠡᠵᠦ ᠮᠡᠳᠡᠨ᠎ᠠ᠂ ᠡᠶᠢᠮᠦ ᠠᠴᠠ ᠰᠢᠭᠤᠳ | ᠨᠢᠳᠤ ᠬᠠᠭᠤᠷᠠᠶᠢᠳᠠᠬᠤ ᠬᠡᠮ ᠬᠡᠵᠦ ᠤᠨᠤᠰᠢᠯᠠᠵᠤ ᠲᠡᠶᠢᠯᠬᠦ ᠦᠬᠡᠢ᠃ ᠦᠨᠡᠨ ᠢ ᠬᠡᠯᠡᠬᠦ ᠳᠤ ᠨᠢᠳᠤ ᠬᠠᠭᠤᠷᠠᠶᠢᠳᠠᠬᠤ ᠨᠢ ᠵᠦᠪᠬᠡᠨ ᠨᠢᠳᠤ ᠬᠠᠭᠤᠷᠠᠶᠢᠳᠠᠬᠤ | ᠡᠪᠡᠳᠴᠢᠨ ᠤ ᠢᠯᠡᠷᠡᠯ ᠤᠨ ᠨᠢᠬᠡ ᠪᠤᠯᠤᠨ᠎ᠠ᠃ ᠨᠢᠳᠤ ᠬᠠᠭᠤᠷᠠᠶᠢᠳᠠᠬᠤ ᠬᠡᠮ ᠳᠤ ᠶᠡᠷᠦ ᠳᠡᠭᠡᠨ ᠪᠠᠰᠠ ᠪᠤᠰᠤᠳ ᠡᠪᠡᠳᠴᠢᠨ ᠤ ᠰᠢᠨᠵᠢ ᠪᠠ ᠢᠯᠡᠷᠡᠯ ᠲᠠᠢ᠃ | ᠨᠢᠳᠤᠨ ᠤ ᠬᠡᠰᠡᠭ ᠲᠤ ᠦᠷᠬᠦᠯᠵᠢ ᠬᠠᠳᠬᠤᠯᠠᠵᠤ ᠡᠪᠡᠳᠬᠦ ᠰᠢᠨᠵᠢ ᠢᠯᠡᠷᠡᠨ᠎ᠡ᠃ ᠨᠢᠳᠤᠨ ᠳᠤ ᠤᠨᠳᠤᠤ ᠪᠤᠳᠠᠰ ᠪᠠᠶᠢᠬᠤ ᠰᠢᠬ᠂ ᠶᠠᠭ ᠯᠠ ᠡᠯᠡᠰᠦ ᠤᠷᠤᠭᠰᠠᠨ ᠰᠢᠬ | ᠂ ᠠᠮᠠᠷᠬᠠᠨ ᠨᠢᠯᠪᠤᠰᠤ ᠤᠨᠠᠭᠠᠨ᠎ᠠ᠃ ᠬᠡᠷᠡᠯ ᠠᠴᠠ ᠠᠶᠤᠬᠤ᠂ ᠨᠢᠳᠤ ᠵᠠᠭᠠᠳᠤᠨᠠᠬᠤ᠂ ᠪᠠᠶᠢᠨ ᠲᠠᠬᠢᠨ ᠨᠢᠳᠤ ᠴᠠᠪᠴᠢᠬᠤ ᠵᠡᠷᠬᠡ ᠢᠯᠡᠷᠡᠯ ᠲᠠᠢ᠃ | ᠬᠡᠷᠪᠡ ᠦᠪᠡᠷ ᠢ ᠪᠠᠨ ᠨᠢᠳᠤ ᠬᠠᠭᠤᠷᠠᠶᠢᠳᠠᠬᠤ ᠬᠡᠮ ᠲᠠᠢ ᠬᠡᠵᠦ ᠰᠡᠵᠢᠭᠯᠡᠵᠦ ᠪᠠᠶᠢᠪᠠᠯ ᠦᠪᠡᠷ ᠢᠶᠠᠨ ᠨᠢᠳᠤᠨ ᠤ ᠤᠰᠤᠨ ᠡᠮ ︵ᠪᠦᠷᠢᠯᠳᠦᠬᠦᠨ ᠨᠢ ᠲᠤᠲᠤ | ᠦᠬᠡᠢ ᠨᠢᠳᠤᠨ ᠤ ᠤᠰᠤᠨ ᠡᠮ︶ ᠬᠡᠷᠡᠭᠯᠡᠬᠦ ᠶᠢ ᠰᠠᠨᠠᠭᠤᠯᠬᠤ ᠦᠬᠡᠢ᠂ ᠬᠠᠮᠤᠭ ᠰᠡᠶᠢᠨ ᠨᠢ ᠡᠮᠨᠡᠯᠬᠡ ᠶᠢᠨ ᠨᠢᠳᠤᠨ ᠤ ᠰᠠᠯᠠᠭ᠎ᠠ ᠳᠤ ᠬᠦᠷᠴᠦ ᠵᠤᠬᠢᠬᠤ ᠪᠠᠶᠢᠴᠠᠭᠠᠯᠳᠠ | ᠬᠢᠯᠬᠡᠵᠦ᠂ ᠡᠮᠴᠢ ᠪᠠᠷ ᠤᠨᠤᠰᠢᠯᠠᠭᠤᠯᠬᠤ ᠶᠢᠨ ᠬᠠᠮᠳᠤ ᠡᠪᠡᠳᠴᠢᠨ ᠳᠤᠨᠢ ᠲᠠᠭᠠᠷᠠᠭᠤᠯᠵᠤ ᠡᠮᠨᠡᠨ ᠵᠠᠰᠠᠭᠤᠯᠤᠨ᠎ᠠ᠃ | | | | | | | | |