| ᠵᠢᠭᠠᠷᠲᠤ ᠮᠣᠳᠣ᠄ ᠰᠠᠯᠠᠭ᠎ᠠ ᠨᠠᠪᠴᠢ ᠨᠢ ᠭᠠᠪᠤᠷ ᠤᠨ ᠦᠨᠦᠷ ᠲᠠᠢ᠂ ᠳᠡᠭᠳᠡᠮᠡᠬᠡᠢ ᠰᠢᠨᠵᠢ ᠲᠠᠢ ᠪᠠᠺᠲ᠋ᠧᠷᠢ ᠶᠢ ᠳᠠᠷᠤᠬᠤ ᠪᠣᠳᠠᠰ ᠱᠦᠭᠦᠷᠡᠭᠦᠯᠳᠡᠭ᠃ | ᠬᠦᠬᠦᠷ ᠤᠨ ᠳᠠᠪᠬᠤᠷ ᠢᠰᠦᠯ᠂ ᠾᠯᠣᠷ ᠵᠡᠷᠭᠡ ᠬᠤᠣᠷᠲᠤ ᠬᠡᠢ ᠶᠢ ᠰᠤᠷᠤᠨ ᠠᠪᠬᠤ ᠴᠢᠳᠠᠪᠤᠷᠢ ᠲᠠᠢ᠃ | ᠠᠷᠴᠠ᠄ ᠪᠠᠺᠲ᠋ᠧᠷᠢ ᠶᠢ ᠠᠯᠠᠬᠤ ᠪᠠ ᠬᠤᠷ᠎ᠠ᠂ ᠲᠣᠭᠤᠰᠣ ᠶᠢ ᠰᠣᠷᠣᠨ ᠠᠪᠬᠤ ᠴᠢᠳᠠᠯ ᠲᠠᠢ᠃ ᠰᠠᠯᠠᠭ᠎ᠠ ᠨᠠᠪᠴᠢ ᠠᠴᠠ ᠨᠢ ᠨᠢᠭᠡ ᠵᠦᠢᠯ ᠤᠨ ᠪᠠᠺᠲ᠋ᠧᠷᠢ | ᠠᠯᠠᠬᠤ ᠡᠳ᠋ ᠱᠦᠭᠦᠷᠡᠨ ᠭᠠᠷᠳᠠᠭ᠃ ᠠᠭᠤᠰᠬᠢᠨ ᠤ ᠰᠦᠷᠢᠶ᠎ᠡ᠂ ᠶᠣᠯᠬᠤᠳᠠᠰᠤ ᠶᠢᠨ ᠪᠠᠺᠲ᠋ᠧᠷᠢ ᠶᠢ ᠠᠯᠠᠵᠤ ᠴᠢᠳᠠᠳᠠᠭ᠃ ᠬᠦᠬᠦᠷ ᠤᠨ ᠳᠠᠪᠬᠤᠷ ᠢᠰᠦᠯ᠂ ᠾᠯᠣᠷ | ᠵᠡᠷᠭᠡ ᠲᠠᠢ ᠨᠡᠯᠢᠶᠡᠳ ᠴᠢᠩᠭ᠎ᠠ ᠡᠰᠡᠷᠭᠦᠴᠡᠯᠳᠦᠬᠦ ᠴᠢᠨᠠᠷ ᠲᠠᠢ᠃ | ᠮᠠᠶᠢᠯᠠᠰᠤᠨ ᠮᠣᠳᠣ᠄ ᠰᠠᠯᠠᠭ᠎ᠠ ᠨᠠᠪᠴᠢ ᠠᠴᠠ ᠨᠢ ᠰᠠᠶᠢᠬᠠᠨ ᠦᠨᠦᠷ ᠭᠠᠷᠳᠠᠭ᠂ ᠳᠡᠭᠳᠡᠮᠡᠬᠡᠢ ᠰᠢᠨᠵᠢ ᠲᠠᠢ ᠪᠠᠺᠲ᠋ᠧᠷᠢ ᠳᠠᠷᠤᠬᠤ ᠡᠳ᠋ ᠪᠠ ᠪᠠᠺᠲ᠋ᠧᠷᠢ ᠠᠯᠠᠬᠤ | ᠡᠳ᠋ ᠢ ᠱᠦᠭᠦᠷᠡᠭᠦᠯᠦᠨ ᠭᠠᠷᠭᠠᠳᠠᠭ᠂ ᠪᠠᠰᠠ ᠠᠭᠠᠷ ᠳᠣᠲᠣᠷᠠᠬᠢ ᠬᠦᠬᠦᠷ ᠤᠨ ᠳᠠᠪᠬᠤᠷ ᠢᠰᠦᠯ ᠪᠠ ᠾᠯᠣᠷ ᠵᠡᠷᠭᠡ ᠬᠤᠣᠷᠲᠤ ᠬᠡᠢ ᠶᠢ ᠰᠣᠷᠣᠨ ᠠᠪᠴᠤ ᠴᠢᠳᠠᠳᠠᠭ᠃ | | ᠬᠠᠶᠢᠯᠠᠰᠤᠨ ᠮᠣᠳᠣ᠄ ᠬᠦᠬᠦᠷ ᠤᠨ ᠳᠠᠪᠬᠤᠷ ᠢᠰᠦᠯ᠂ ᠾᠯᠣᠷ ᠵᠡᠷᠭᠡ ᠬᠤᠣᠷᠲᠤ ᠬᠡᠢ ᠪᠠ ᠲᠣᠭᠤᠰᠣ ᠤᠳᠤᠭ᠎ᠠ ᠶᠢᠨ ᠬᠤᠣᠷ ᠢ ᠡᠰᠡᠷᠭᠦᠴᠡᠵᠦ ᠴᠢᠳᠠᠨ᠎ᠠ᠃ | ᠬᠠᠶᠢᠯᠠᠰᠤᠨ ᠮᠣᠳᠣᠨ ᠤ ᠨᠠᠪᠴᠢ ᠶᠢᠨ ᠥᠩᠭᠡᠨ ᠲᠠᠯ᠎ᠠ ᠨᠢ ᠪᠦᠳᠦᠭᠦᠯᠢᠭ᠂ ᠲᠣᠭᠤᠰᠣ ᠰᠣᠷᠣᠨ ᠠᠪᠬᠤ ᠴᠢᠳᠠᠪᠤᠷᠢ ᠪᠠᠷ ᠰᠠᠶᠢᠨ ᠪᠠᠶᠢᠳᠠᠭ᠃ | ᠦᠮᠡᠬᠡᠢ ᠨᠢᠴᠦᠭᠦᠨ ᠬᠤᠪᠣᠯᠣ᠄ ᠬᠦᠬᠦᠷ ᠤᠨ ᠳᠠᠪᠬᠤᠷ ᠢᠰᠦᠯ᠂ ᠹᠯᠤᠷ ᠤᠨ ᠤᠰᠤᠲᠦ᠋ᠷᠦᠭᠴᠢ ᠾᠯᠣᠷ ᠢ ᠡᠰᠡᠷᠭᠦᠴᠡᠳᠡᠭ᠂ ᠲᠣᠭᠤᠰᠣ ᠤᠳᠠᠭ᠎ᠠ ᠶᠢ | ᠳᠠᠭᠠᠭᠠᠳᠠᠭ ᠪᠥᠭᠡᠳ ᠪᠠᠺᠲ᠋ᠧᠷᠢ ᠠᠯᠠᠬᠤ ᠴᠢᠳᠠᠪᠤᠷᠢ ᠨᠢ ᠨᠡᠯᠢᠶᠡᠳ ᠴᠢᠩᠭ᠎ᠠ ᠶᠤᠮ᠃ ᠨᠠᠪᠴᠢᠨ ᠳᠤᠨᠢ ᠰᠠᠪᠤᠩᠯᠢᠭ ᠡᠳ᠋᠂ ᠲᠠᠨᠢᠨ᠂ ᠦᠨᠦᠷ ᠤᠨ ᠣᠬᠢ ᠵᠡᠷᠭᠡ | ᠠᠭᠤᠯᠤᠭᠳᠠᠵᠤ ᠪᠠᠶᠢᠳᠠᠭ᠃ ᠪᠤᠰᠤᠳ ᠵᠦᠢᠯ ᠤᠨ ᠬᠤᠷᠣᠬᠠᠢ ᠠᠯᠠᠬᠤ ᠪᠣᠳᠠᠰ ᠲᠠᠢ ᠬᠤᠯᠢᠵᠤ ᠨᠠᠶᠢᠷᠠᠭᠤᠯᠤᠭᠠᠳ ᠡᠮ ᠪᠣᠯᠭᠠᠪᠠᠯ ᠬᠤᠣᠷᠲᠤ ᠬᠤᠷᠣᠬᠠᠢ ᠶᠢ | ᠤᠰᠠᠳᠬᠠᠬᠤ ᠳᠤ ᠬᠡᠷᠡᠭᠯᠡᠵᠦ ᠪᠣᠯᠣᠨ᠎ᠠ᠃ | ᠨᠣᠬᠠᠢ ᠬᠤᠰᠢ᠄ ᠰᠢᠯᠮᠦᠦᠰᠦ ᠪᠣᠯᠣᠨ ᠳᠠᠪᠠᠷᠬᠠᠢ ᠨᠢ ᠢᠰᠦᠯᠳᠦᠭᠡᠳ ᠦᠮᠡᠬᠡᠢ ᠦᠨᠦᠷ ᠬᠠᠩᠬᠤᠯᠳᠠᠭ᠂ ᠪᠠᠭ᠎ᠠ ᠬᠡᠮᠵᠢᠶᠡᠨ ᠤ ᠦᠮᠡᠬᠡᠢ ᠦᠨᠦᠷ ᠨᠢ ᠠᠭᠠᠷ ᠢ | ᠴᠡᠪᠡᠷᠰᠢᠭᠦᠯᠬᠦ ᠦᠢᠯᠡᠳᠦᠯ ᠲᠠᠢ᠃ | ᠴᠢᠨ᠋ᠸ᠎ᠠ ᠶᠢᠨ ᠬᠠᠷᠮᠠᠭ᠄ ᠬᠦᠬᠦᠷ ᠤᠨ ᠳᠠᠪᠬᠤᠷ ᠢᠰᠦᠯ᠂ ᠬᠦᠬᠦᠷᠲᠦ ᠤᠰᠤᠲᠦ᠋ᠷᠦᠭᠴᠢ ᠪᠠ ᠾᠯᠣᠷ ᠤᠨ ᠪᠤᠵᠠᠷᠲᠤᠯ ᠢ ᠡᠰᠡᠷᠭᠦᠴᠡᠳᠡᠭ᠂ ᠬᠦᠴᠢᠯ ᠪᠠ ᠠᠽᠣᠲ | ᠢᠰᠦᠯ ᠤᠨ ᠨᠢᠭᠡᠳᠦᠯ ᠲᠠᠢ ᠡᠰᠡᠷᠭᠦᠴᠡᠯᠳᠦᠬᠦ ᠴᠢᠨᠠᠷ ᠢᠶᠠᠷ ᠨᠡᠯᠢᠶᠡᠳ ᠴᠢᠩᠭ᠎ᠠ᠂ ᠠᠭᠠᠷ ᠮᠠᠨᠳᠠᠯ ᠤᠨ ᠪᠤᠵᠠᠷᠲᠤᠯ ᠬᠦᠨᠳᠦ ᠰᠦᠷᠡᠬᠡᠢ ᠭᠠᠵᠠᠷ ᠣᠷᠣᠨ ᠢ | ᠨᠣᠭᠤᠭᠠᠷᠠᠭᠤᠯᠬᠤ ᠮᠣᠳᠣ ᠪᠣᠯᠭᠠᠵᠤ ᠪᠣᠯᠣᠨ᠎ᠠ᠃ | ᠦᠷᠭᠡᠰᠥᠲᠦ ᠬᠤᠩᠭᠤᠷᠴᠣᠭᠲᠤ ᠮᠣᠳᠣ᠄ ᠠᠭᠠᠷ ᠲᠠᠬᠢ ᠬᠦᠬᠦᠷ ᠤᠨ ᠳᠠᠪᠬᠤᠷ ᠢᠰᠦᠯ᠂ ᠾᠯᠣᠷ᠂ ᠹᠯᠣᠷᠲᠤ ᠤᠰᠤᠲᠦ᠋ᠷᠦᠭᠴᠢ ᠵᠡᠷᠭᠡ ᠬᠤᠣᠷᠲᠤ ᠬᠡᠢ ᠶᠢ | ᠴᠡᠪᠡᠷᠰᠢᠭᠦᠯᠬᠦ ᠢᠶᠠᠷ ᠨᠡᠯᠢᠶᠡᠳ ᠴᠢᠩᠭ᠎ᠠ᠂ ᠬᠠᠷ᠎ᠠ ᠲᠤᠭᠤᠯᠭ᠎ᠠ ᠶᠢᠨ ᠠᠭᠤᠷ ᠢ ᠰᠤᠷᠤᠨ ᠠᠪᠬᠤ ᠴᠢᠳᠠᠪᠤᠷᠢ ᠪᠠᠷ ᠴᠤ ᠨᠡᠯᠢᠶᠡᠳ ᠰᠠᠶᠢᠨ ᠪᠠᠶᠢᠳᠠᠭ᠃ | | |