ᠣᠶᠢᠵᠢᠭᠤᠯᠤᠯᠭ᠎ᠠ ᠶᠢᠨ ᠨᠢᠭᠲᠠᠴᠠ ᠬᠡᠳᠦᠢ ᠪᠠᠶᠢᠪᠠᠯ ᠵᠣᠬᠢᠬᠤ ᠪᠤᠢ︖
ᠨᠡᠶᠢᠲᠡᠯᠡᠭᠰᠡᠨ ᠴᠠᠭ᠄
2023/4/23
                      ᠣᠶᠢᠵᠢᠭᠤᠯᠤᠯᠭ᠎ᠠ ᠶᠢᠨ ᠨᠢᠭᠲᠠᠴᠠ ᠲᠣᠬᠢᠷᠠᠮᠵᠢᠲᠠᠢ ᠪᠠᠶᠢᠪᠠᠯ ᠣᠷᠣᠨ ᠵᠠᠢ ᠶᠢ ᠶᠡᠭᠡ ᠬᠡᠪᠴᠢᠶ᠎ᠡ ᠪᠠᠷ ᠬᠢᠵᠠᠭᠠᠷᠯᠠᠵᠤ ᠴᠢᠬᠢ ᠮᠣᠳᠣᠨ ᠤ ᠪᠤᠶᠢᠵᠢᠯᠲᠠ ᠶᠢ ᠪᠠᠳᠤᠯᠠᠨ ᠨᠡᠯᠢᠶᠡᠳ ᠶᠡᠭᠡ ᠬᠠᠮᠠᠭᠠᠯᠠᠯᠲᠠ ᠶᠢᠨ ᠠᠰᠢᠭ ᠲᠤᠰᠠ ᠪᠣᠯᠣᠨ ᠠᠵᠤ ᠠᠬᠤᠢ ᠶᠢᠨ ᠦᠷ᠎ᠡ ᠠᠰᠢᠭ ᠣᠯᠬᠤ ᠰᠠᠭᠤᠷᠢ ᠶᠢ ᠲᠠᠯᠪᠢᠬᠤ ᠶᠤᠮ᠃ ᠣᠶᠢᠵᠢᠭᠤᠯᠤᠯᠭ᠎ᠠ ᠶᠢᠨ ᠨᠢᠭᠳᠠᠴᠠ ᠨᠢ ᠭᠡᠳᠦ ᠶᠡᠭᠡ ᠪᠠᠶᠢᠪᠠᠯ ᠣᠢ ᠮᠣᠳᠣ ᠰᠠᠬᠤᠯᠢᠭᠵᠢᠵᠤ ᠤᠷᠭᠤᠮᠠᠯ ᠤᠨ ᠡᠰᠢ ᠶᠢᠨ ᠬᠤᠭᠤᠷᠣᠨᠳᠤ ᠨᠠᠷᠠᠨ ᠤ ᠭᠡᠷᠡᠯ᠂ ᠴᠢᠬᠢᠭ ᠤᠨ ᠬᠡᠮᠵᠢᠶ᠎ᠡ᠂ ᠰᠢᠮ᠎ᠡ ᠲᠡᠵᠢᠭᠡᠯ ᠪᠤᠯᠢᠶᠠᠯᠳᠤᠬᠤ ᠵᠥᠷᠢᠴᠡᠯ ᠡᠭᠦᠰᠴᠦ ᠭᠡᠳᠦ ᠡᠷᠲᠡ ᠤᠷᠭᠤᠯᠲᠠ ᠨᠢ ᠲᠡᠭᠰᠢ ᠦᠭᠡᠢ ᠪᠣᠯᠬᠤ ᠶᠤᠮ᠃ ᠨᠢᠭᠲᠠᠴᠠ ᠨᠢ ᠭᠡᠲᠦ ᠪᠠᠭ᠎ᠠ ᠪᠠᠶᠢᠪᠠᠯ ᠣᠢ ᠮᠤᠳᠤ ᠰᠠᠶᠢᠷᠡᠭᠵᠢᠵᠦ ᠪᠤᠵᠠᠷ ᠡᠪᠡᠰᠦ ᠲᠦᠭᠦᠷᠴᠦ ᠤᠷᠭᠤᠮᠠᠯ ᠤᠨ ᠡᠰᠢ ᠨᠢ ᠰᠦᠷᠦᠭᠴᠢᠭᠰᠡᠨ ᠪᠡᠶ᠎ᠡ ᠶᠢᠨ ᠬᠡᠯᠪᠡᠷᠢ ᠲᠠᠢ ᠪᠣᠯᠵᠤ ᠲᠡᠶᠢᠯᠬᠦ ᠦᠭᠡᠢ᠂ ᠣᠢ ᠮᠣᠳᠣᠨ ᠤ ᠳᠣᠭᠳᠠᠪᠤᠷᠢᠲᠤ ᠴᠢᠨᠠᠷ ᠨᠢ ᠪᠠᠭᠤᠷᠠᠳᠠᠭ ᠪᠢᠯᠡ᠃       ᠣᠶᠢᠵᠢᠭᠤᠯᠬᠤ ᠨᠢᠭᠲᠠᠴᠠ ᠶᠢ ᠲᠤᠬᠢᠷᠠᠮᠵᠢᠲᠠᠢ ᠲᠣᠭᠳᠠᠭᠠᠬᠤ ᠳᠤ ᠭᠠᠵᠠᠷ ᠣᠷᠣᠨ ᠤ ᠪᠣᠳᠠᠳᠤ ᠪᠠᠶᠢᠳᠠᠯ ᠢᠶᠠᠨ ᠦᠨᠳᠦᠰᠦᠯᠡᠵᠤ ᠡᠵᠡᠩᠨᠡᠬᠦ ᠵᠣᠷᠢᠯᠭ᠎ᠠ ᠪᠣᠯᠣᠨ ᠬᠡᠮᠵᠢᠶ᠎ᠡ᠂ ᠮᠣᠳᠣᠨ ᠤ ᠲᠥᠷᠥᠯ ᠵᠦᠢᠯ ᠪᠣᠯᠣᠨ ᠬᠡᠷᠡᠭᠴᠡᠭᠡ ᠵᠡᠷᠭᠡ ᠶᠢ ᠪᠣᠳᠣᠯᠬᠢᠯᠠᠬᠤ ᠬᠡᠷᠡᠭᠲᠡᠢ᠃ ᠶᠡᠷᠦ ᠶᠢᠨ ᠪᠠᠶᠢᠳᠠᠯ ᠲᠤᠤᠷ᠎ᠠ ᠲᠠᠯ᠎ᠠ ᠭᠠᠵᠡᠷ ᠪᠣᠯᠣᠨ ᠡᠯᠡᠰᠦᠷᠭᠡᠭ ᠭᠠᠵᠠᠷ ᠤᠨ ᠨᠢᠭᠲᠠᠴᠠ ᠨᠢ ᠪᠠᠭ᠎ᠠ ᠰᠢᠭ᠋᠂ ᠠᠭᠤᠯᠠᠷᠬᠠᠭ ᠭᠠᠵᠠᠷ ᠶᠡᠭᠡ ᠰᠢᠭ ᠲᠠᠯᠪᠢᠲᠠᠭ᠃       ᠲᠠᠯ᠎ᠠ ᠭᠠᠵᠠᠷ᠄ ᠦᠨᠳᠦᠷ ᠮᠣᠳᠣ ᠶᠢᠨ ᠣᠶᠢᠵᠢᠭᠤᠯᠤᠯᠲᠠ ᠶᠢᠨ ᠨᠢᠭᠲᠠᠴᠠ ᠨᠢ ᠶᠡᠷᠦ ᠳᠡᠭᠡᠨ ᠮᠣ᠋ ᠪᠦᠷᠢ ᠳᠤ 44 — 167 ᠰᠠᠭᠤᠷᠢ᠂ ᠦᠨᠳᠦᠷ ᠮᠣᠳᠣ ᠪᠤᠲᠠ ᠮᠣᠳᠤ ᠬᠤᠯᠢᠯᠳᠣᠭᠰᠠᠨ ᠣᠶᠢᠵᠢᠭᠤᠯᠤᠯᠲᠠ ᠶᠢ ᠮᠣ᠋ ᠪᠦᠷᠢ 167 — 333 ᠰᠠᠭᠤᠷᠢ᠂ ᠪᠤᠳᠠ ᠮᠣᠳᠣ ᠶᠢ ᠮᠣ᠋ ᠪᠦᠷᠢ ᠳᠤ 222 — 444 ᠰᠠᠭᠤᠷᠢ ᠪᠠᠷ ᠬᠢᠵᠠᠭᠠᠷᠯᠠᠪᠠᠯ ᠵᠣᠬᠢᠨ᠎ᠠ᠃      ᠡᠯᠡᠰᠦᠷᠭᠡᠭ ᠭᠠᠵᠠᠷ᠄ ᠦᠨᠳᠦᠷ ᠮᠣᠳᠣᠨ ᠤ ᠣᠶᠢᠵᠢᠭᠤᠯᠤᠯᠲᠠ ᠶᠢᠨ ᠨᠢᠭᠲᠠᠴᠠ ᠨᠢ ᠶᠡᠷᠦ ᠳᠡᠭᠡᠨ ᠮᠣ᠋ ᠪᠦᠷᠢ ᠳᠤ 50 — 222 ᠰᠠᠭᠤᠷᠢ᠂ ᠦᠨᠳᠦᠷ ᠮᠣᠳᠣ ᠪᠣᠳᠠ ᠮᠣᠳᠣ ᠬᠤᠯᠢᠯᠳᠤᠭᠰᠠᠨ ᠣᠢ ᠶᠢᠨ ᠨᠢᠭᠲᠠᠴᠠ ᠨᠢ 50 — 333 ᠰᠠᠭᠤᠷᠢ᠂ ᠪᠣᠳᠠ ᠮᠣᠳᠣ ᠶᠢ ᠮᠣ᠋ ᠪᠦᠷᠢ ᠳᠤ 110 — 444 ᠰᠠᠭᠤᠷᠢ ᠪᠠᠷ ᠬᠢᠵᠠᠭᠠᠷᠯᠠᠪᠠᠯ ᠵᠣᠬᠢᠨ᠎ᠠ᠃       ᠠᠭᠤᠯᠠᠷᠬᠠᠭ ᠭᠠᠵᠠᠷ᠄ ᠦᠨᠳᠦᠷ ᠮᠣᠳᠣ ᠶᠢᠨ ᠨᠢᠭᠲᠠᠴᠠ ᠶᠢ ᠮᠣ᠋ ᠪᠦᠷᠢ ᠳᠤ 222 — 333 ᠰᠠᠭᠤᠷᠢ᠂ ᠦᠨᠳᠦᠷ ᠮᠣᠳᠣ ᠪᠤᠳᠠ ᠮᠣᠳᠣ ᠬᠤᠯᠢᠯᠳᠤᠭᠰᠠᠨ ᠣᠢ ᠶᠢ ᠮᠣ᠋ ᠪᠦᠷᠢ ᠳᠤ 222 — 333 ᠰᠠᠭᠤᠷᠢ᠂ ᠪᠤᠳᠠ ᠮᠣᠳᠣ ᠶᠢ ᠮᠣ᠋ ᠪᠦᠷᠢ ᠳᠤ 333 — 5690 ᠰᠠᠭᠤᠷᠢ ᠪᠠᠷ ᠬᠢᠵᠠᠭᠠᠷᠯᠠᠪᠠᠯ ᠵᠣᠬᠢᠨ᠎ᠠ᠃       
ᠢᠷᠡᠯᠲᠡ᠄ ︽ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾ ᠭᠡᠬᠦ ᠨᠣᠮ ᠠᠴᠠ ᠪᠠᠭᠤᠯᠭᠠᠪᠠ᠃