ᠦᠬᠡᠷ ᠬᠡᠵᠢᠶ᠎ᠡ ᠶᠡᠭᠡ ᠬᠡᠮᠵᠢᠶ᠎ᠡ ᠪᠠᠷ ᠤᠰᠤ ᠤᠤᠭᠤᠬᠤ ᠬᠡᠷᠡᠭᠲᠡᠢ ᠪᠣᠢ
ᠨᠡᠶᠢᠲᠡᠯᠡᠭᠰᠡᠨ ᠴᠠᠭ᠄
2023/4/23
                               1. ᠠᠭᠤᠷ ᠠᠮᠢᠰᠬᠤᠯ ᠬᠠᠯᠠᠭᠤᠨ ᠦᠶ᠎ᠡ ᠳᠤ᠄ ᠠᠭᠤᠷ ᠠᠮᠢᠰᠬᠤᠯ ᠬᠠᠯᠠᠭᠤᠨ ᠦᠶ᠎ᠡ ᠳᠤ᠂ ᠦᠬᠡᠷ ᠤᠨ ᠪᠡᠶ᠎ᠡ ᠶᠢᠨ ᠳᠤᠯᠠᠭᠠᠨ ᠴᠤ ᠴᠠᠭ ᠠᠭᠤᠷ ᠤᠨ ᠳᠤᠯᠠᠭᠠᠨ ᠤ ᠬᠡᠮᠵᠢᠶ᠎ᠡ ᠶᠢ ᠳᠠᠭᠠᠯᠳᠤᠨ ᠳᠡᠭᠡᠭᠰᠢᠯᠡᠨ᠎ᠡ᠂ ᠡᠨᠡ ᠦᠶ᠎ᠡ ᠳᠤ᠂ ᠦᠬᠡᠷ ᠶᠡᠭᠡ ᠬᠡᠮᠵᠢᠶᠡᠨ ᠤ ᠤᠰᠤ ᠤᠤᠭᠤᠵᠤ ᠪᠡᠶ᠎ᠡ ᠶᠢᠨ ᠳᠤᠯᠠᠭᠠᠨ ᠢᠶᠠᠨ ᠲᠣᠬᠢᠷᠠᠭᠤᠯᠬᠤ ᠴᠢᠬᠤᠯᠠᠲᠠᠢ ᠪᠠᠶᠢᠳᠠᠭ᠃        2. ᠬᠥᠳᠡᠯᠭᠡᠭᠡᠨ ᠤ ᠬᠡᠮᠵᠢᠶ᠎ᠡ ᠶᠡᠭᠡ ᠦᠶ᠎ᠡ ᠳᠤ᠄ ᠪᠢᠳᠡ ᠦᠬᠡᠷ ᠲᠡᠵᠢᠭᠡᠬᠦ ᠦᠶ᠎ᠡ ᠳᠤ᠂ ᠦᠬᠡᠷ ᠤᠨ ᠬᠥᠳᠡᠯᠭᠡᠭᠡᠨ ᠤ ᠬᠡᠮᠵᠢᠶ᠎ᠡ ᠨᠡᠮᠡᠭᠳᠡᠬᠦ ᠦᠶ᠎ᠡ ᠳᠤ᠂ ᠦᠬᠡᠷ ᠤᠨ ᠪᠡᠶ᠎ᠡ ᠳᠤ ᠨᠠᠩ ᠠᠷᠪᠢᠨ ᠡᠨᠧᠷᠭᠢ ᠬᠡᠷᠡᠭᠰᠡᠵᠦ ᠬᠡᠪ ᠤᠨ ᠰᠣᠯᠢᠯᠴᠠᠭ᠎ᠠ ᠪᠠ ᠬᠥᠳᠡᠯᠭᠡᠭᠡᠨ ᠤ ᠴᠢᠳᠠᠪᠤᠷᠢ ᠶᠢ ᠪᠠᠲᠤᠯᠠᠳᠠᠭ᠂ ᠡᠲᠡᠭᠡᠷ ᠡᠨᠧᠷᠭᠢ ᠶᠢ ᠢᠳᠡᠭᠡᠨ ᠪᠠ ᠤᠰᠤ ᠪᠠᠷ ᠬᠠᠩᠭᠠᠬᠤ ᠬᠡᠷᠡᠭᠲᠡᠢ᠂ ᠬᠡᠷᠪᠡ ᠦᠬᠡᠷ ᠭᠦᠢᠴᠡᠳ ᠤᠰᠤ ᠣᠯᠵᠤ ᠤᠤᠭᠤᠬᠤ ᠦᠭᠡᠢ ᠪᠣᠯ᠂ ᠲᠡᠭᠦᠨ ᠤ ᠪᠡᠶ᠎ᠡ ᠳᠤ ᠤᠰᠤ ᠠᠯᠳᠠᠬᠤ ᠪᠠ ᠬᠦᠴᠢᠯᠲᠥ᠋ᠷᠥᠭᠴᠢ ᠳᠤᠲᠠᠭᠳᠠᠬᠤ ᠪᠠᠶᠢᠳᠠᠯ ᠢᠯᠡᠷᠡᠵᠦ᠂ ᠦᠬᠡᠷ ᠤᠨ ᠡᠷᠡᠭᠦᠯ ᠮᠡᠨᠳᠦ ᠶᠢ ᠨᠥᠯᠥᠭᠡᠯᠡᠳᠡᠭ᠃        3. ᠦᠨᠢᠶ᠎ᠡ ᠬᠡᠭᠡᠯᠢ ᠲᠣᠭᠲᠠᠭᠰᠠᠨ ᠰᠡᠭᠦᠯᠴᠢ ᠶᠢᠨ ᠬᠤᠭᠤᠴᠠᠭ᠎ᠠ᠄ ᠦᠨᠢᠶ᠎ᠡ ᠬᠡᠭᠡᠯᠢ ᠲᠣᠭᠲᠠᠭᠰᠠᠨ ᠰᠡᠭᠦᠯᠴᠢ ᠶᠢᠨ ᠬᠤᠭᠤᠴᠠᠭᠠᠨ ᠳᠤ᠂ ᠭᠡᠳᠡᠰᠦ ᠨᠢ ᠤᠯᠠᠮ ᠠᠴᠠ ᠤᠯᠠᠮ ᠲᠣᠮᠣᠷᠠᠵᠤ᠂ ᠬᠡᠪᠡᠯᠢ ᠳᠠᠬᠢ ᠲᠥᠯ ᠤᠨ ᠪᠤᠶᠢᠵᠢᠯᠲᠠ ᠨᠢ ᠴᠦ ᠤᠯᠠᠮ ᠠᠴᠠ ᠤᠯᠠᠮ ᠲᠣᠮᠣᠷᠠᠨ᠎ᠠ᠂ ᠡᠨᠡ ᠦᠶ᠎ᠡ ᠳᠤ᠂ ᠦᠨᠢᠶ᠎ᠡ ᠪᠠ ᠲᠥᠯ ᠨᠢ ᠪᠦᠷ ᠨᠠᠩ ᠠᠷᠪᠢᠨ ᠤᠰᠤ ᠬᠡᠷᠡᠭᠰᠡᠵᠦ ᠬᠡᠪᠡᠯᠢ ᠳᠠᠬᠢ ᠲᠥᠯ ᠤᠨ ᠥᠰᠦᠯᠲᠡ ᠪᠠ ᠪᠤᠶᠢᠵᠢᠯᠲᠠ ᠶᠢ ᠪᠠᠲᠤᠯᠠᠬᠤ ᠬᠡᠷᠡᠭᠲᠡᠢ᠂ ᠡᠶᠢᠮᠦ ᠠᠴᠠ ᠪᠢᠳᠡ ᠦᠨᠢᠶ᠎ᠡ ᠬᠡᠭᠡᠯᠢ ᠲᠣᠭᠲᠠᠭᠰᠠᠨ ᠰᠡᠭᠦᠯᠴᠢ ᠶᠢᠨ ᠬᠤᠭᠤᠴᠠᠭᠠᠨ ᠳᠤ ᠭᠦᠢᠴᠡᠳ ᠬᠡᠮᠵᠢᠶᠡᠨ ᠤ ᠤᠰᠤ ᠪᠡᠯᠡᠳᠬᠡᠵᠦ᠂ ᠦᠨᠢᠶ᠎ᠡ ᠪᠠ ᠲᠥᠯ ᠤᠨ ᠡᠷᠡᠭᠦᠯ ᠮᠡᠨᠳᠦ ᠶᠢ ᠪᠠᠲᠤᠯᠠᠬᠤ ᠬᠡᠷᠡᠭᠲᠡᠢ᠃ ᠤᠰᠤᠨ ᠳᠤ ᠮᠠᠯ ᠤᠨ ᠸᠢᠲ᠋ᠠᠮᠢᠨ ᠡᠳ᠋ ᠨᠡᠮᠡᠵᠦ᠂ ᠦᠨᠢᠶᠡᠨ ᠤ ᠬᠡᠪᠡᠯᠢ ᠳᠠᠬᠢ ᠲᠥᠯ ᠤᠨ ᠬᠡᠷᠡᠭᠰᠡᠬᠦ ᠰᠢᠮ᠎ᠡ ᠲᠡᠵᠢᠭᠡᠯ ᠢ ᠨᠥᠬᠦᠪᠦᠷᠢᠯᠡᠵᠦ ᠪᠣᠯᠣᠨ᠎ᠠ᠃        4. ᠡᠪᠡᠳᠴᠢᠯᠡᠭᠰᠡᠨ ᠪᠤᠶᠤ ᠡᠳᠡᠭᠡᠷᠡᠬᠦ ᠬᠤᠭᠤᠴᠠᠭ᠎ᠠ᠄ ᠦᠬᠡᠷ ᠡᠪᠡᠳᠴᠢᠯᠡᠬᠦ ᠪᠤᠶᠤ ᠤᠳᠠᠯ ᠦᠭᠡᠢ ᠡᠳᠡᠭᠡᠷᠡᠬᠦ ᠦᠶ᠎ᠡ ᠳᠤ᠂ ᠲᠡᠭᠦᠨ ᠤ ᠪᠡᠶ᠎ᠡ ᠨᠢ ᠨᠡᠯᠢᠶᠡᠳ ᠲᠠᠮᠢᠷ ᠦᠭᠡᠢ ᠪᠠᠶᠢᠳᠠᠭ᠂ ᠡᠨᠡ ᠦᠶ᠎ᠡ ᠳᠤ ᠪᠢᠳᠡ ᠪᠠᠰᠠ ᠲᠡᠭᠦᠨ ᠳᠤ ᠨᠡᠩ ᠠᠷᠪᠢᠨ ᠤᠰᠤ ᠨᠥᠬᠦᠪᠦᠷᠢᠯᠡᠵᠦ᠂ ᠰᠢᠨ᠎ᠡ ᠬᠠᠭᠤᠴᠢᠨ ᠤ ᠰᠤᠯᠢᠬᠳᠠᠯ ᠪᠠ ᠪᠡᠶ᠎ᠡ ᠮᠠᠬᠠᠪᠤᠳ ᠤᠨ ᠡᠷᠡᠭᠦᠯᠵᠢᠯ ᠳᠤ ᠳᠤᠰᠠ ᠲᠡᠮ ᠪᠤᠯᠳᠠᠭ᠃        ᠳᠡᠭᠡᠷᠡᠬᠢ ᠪᠣᠯ ᠦᠬᠡᠷ ᠲᠤ ᠤᠰᠤ ᠤᠤᠭᠤᠯᠭᠠᠬᠤ ᠲᠤᠬᠠᠢ ᠶᠠᠷᠢᠶᠠᠨ ᠤ ᠰᠡᠳᠦᠪ ᠪᠣᠯᠣᠨ᠎ᠠ᠂ ᠪᠢᠳᠡ ᠦᠬᠡᠷ ᠲᠡᠵᠢᠭᠡᠬᠦ ᠳᠤ ᠪᠠᠨ ᠡᠳᠦᠷ ᠪᠦᠷᠢ ᠭᠦᠢᠴᠡᠳ ᠬᠡᠮᠵᠢᠶᠡᠨ ᠤ ᠤᠰᠤ ᠨᠦᠬᠦᠪᠦᠷᠢᠯᠡᠭᠦᠯᠬᠦ ᠬᠡᠷᠡᠭᠲᠡᠢ᠂ ᠢᠩᠭᠢᠪᠡᠯ ᠦᠬᠡᠷ ᠤᠨ ᠡᠷᠡᠭᠦᠯ ᠴᠢᠭᠢᠷᠠᠭ ᠪᠠ ᠪᠤᠶᠢᠵᠢᠯᠲᠠ ᠶᠢ ᠪᠠᠲᠤᠯᠠᠵᠤ ᠴᠢᠳᠠᠨ᠎ᠠ᠃ 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ