ᠬᠠᠪᠤᠷ ᠴᠠᠭ ᠲᠤ ᠮᠠᠯ ᠤᠨ ᠡᠮᠴᠢᠯᠡᠭᠡ ᠶᠢ ᠬᠡᠷᠬᠢᠨ ᠰᠢᠨᠵᠢᠯᠡᠬᠦ ᠤᠬᠠᠭᠠᠨᠴᠢ ᠪᠠᠷ ᠬᠢᠬᠦ ᠪᠤᠢ
ᠨᠡᠶᠢᠲᠡᠯᠡᠭᠰᠡᠨ ᠴᠠᠭ᠄
2023/4/3
                          ᠶᠠᠷᠤ ᠨᠢ ᠨᠡᠭᠡᠭᠡᠭᠰᠡᠨ ᠬᠠᠩᠰᠢ ᠪᠣᠯᠬᠤ ᠶᠢᠨ ᠬᠢᠷᠢ ᠳᠤ ᠤᠷᠳᠤᠰ ᠨᠤᠲᠤᠭ ᠤᠨ ᠮᠠᠯᠴᠢᠳ ᠮᠠᠨᠢ ᠮᠠᠯ ᠠᠬᠤᠢ ᠪᠠᠨ ᠡᠮᠨᠡᠵᠦ ᠲᠤᠮᠨᠤᠬᠤ ᠠᠵᠢᠯ ᠢᠶᠠᠨ ᠡᠬᠢᠯᠡᠭᠦᠯᠳᠡᠭ ᠶᠤᠮ᠃ ᠠᠭᠤᠷ ᠠᠮᠢᠰᠬᠤᠯ ᠤᠨ ᠬᠤᠪᠢᠷᠠᠯᠳᠠ᠂ ᠠᠮᠢᠳᠤ ᠪᠤᠳᠠᠰ ᠤᠨ ᠬᠡᠯᠬᠢᠶᠡᠵᠢᠯ ᠤᠨ ᠡᠪᠲᠡᠭᠲᠡᠯ ᠵᠢᠴᠢ ᠤᠷᠴᠢᠨ ᠠᠬᠤᠢ ᠶᠢᠨ ᠰᠢᠯᠳᠠᠭᠠᠨ ᠠᠴᠠ ᠪᠣᠯᠵᠤ ᠤᠷᠴᠢᠮ ᠤᠨ ᠵᠢᠯ ᠳᠤ ᠮᠠᠯ ᠵᠢᠬᠦᠷᠲᠡᠨ ᠳᠤ ᠤᠯᠠᠨ ᠶᠠᠩᠵᠦ ᠶᠢᠨ ᠡᠪᠡᠤᠨᠴᠢᠨ ᠬᠢᠵᠢᠭ ᠳᠤᠬᠢᠶᠠᠯᠳᠤᠬᠤ ᠪᠣᠯᠵᠠᠢ᠃ ᠲᠡᠭᠡᠬᠦ ᠪᠠᠷ ᠮᠠᠯᠴᠢᠳ ᠮᠠᠨᠢ ᠬᠠᠪᠤᠷ ᠡᠷᠲᠡ ᠠᠴᠠ ᠡᠬᠢᠯᠡᠭᠦᠯᠥᠨ ᠨᠡᠶᠢᠲᠡᠮ ᠤᠨ ᠰᠡᠷᠭᠡᠶᠢᠯᠡᠯᠭᠡ ᠶᠢᠨ ᠵᠡᠬᠦᠦ ᠲᠠᠷᠢᠬᠤ᠂ ᠬᠤᠷᠤᠬᠠᠢ ᠶᠢᠨ ᠡᠮ ᠥᠭᠬᠦ᠂ ᠰᠡᠷᠢᠭᠦᠨ ᠡᠮ ᠴᠢᠳᠬᠤᠬᠤ᠂ ᠭᠡᠭᠡᠯ ᠬᠠᠮᠠᠭᠠᠯᠠᠬᠤ ᠡᠮ ᠥᠭᠬᠦ ᠵᠡᠷᠭᠡ ᠡᠮᠴᠢᠯᠡᠭᠡ ᠶᠢ ᠬᠢᠳᠡᠭ᠃           ᠤᠷᠴᠢᠮ ᠤᠨ ᠬᠤᠭᠤᠴᠠᠭᠠᠨ ᠳᠤ ᠤᠲᠤᠭ ᠬᠤᠰᠢᠭᠤᠨ ᠤ ᠰᠢᠨᠡᠵᠣᠣ ᠨᠤᠲᠤᠭ ᠲᠠᠢ ᠮᠠᠯ ᠤᠨ ᠡᠮᠴᠢ ᠮᠠᠩᠯᠠᠢ ᠭᠤᠸᠠᠢ ᠮᠠᠯᠴᠢᠨ ᠠᠶᠢᠯ ᠤᠳ ᠤᠨ ᠮᠠᠯ ᠳᠤ ᠰᠡᠷᠭᠡᠶᠢᠯᠡᠯᠭᠡ ᠶᠢᠨ ᠵᠡᠭᠦᠤ ᠲᠠᠷᠢᠵᠤ ᠶᠠᠪᠤᠨ᠎ᠠ᠃ ᠬᠠᠷᠠᠬᠠᠨ ᠪᠠᠭ᠎ᠠ ᠠᠴᠠ ᠮᠠᠯᠴᠢᠨ ᠵᠠᠶᠠᠭ᠎ᠠ ᠲᠠᠢ ᠠᠮᠢ ᠪᠡᠶ᠎ᠡ ᠪᠠᠨ ᠬᠤᠯᠪᠤᠵᠦ ᠦᠰᠦᠭᠰᠡᠨ ᠲᠡᠷᠡ ᠮᠠᠨᠢ 1978 ᠣᠨ ᠠᠴᠠ ᠡᠬᠢᠯᠡᠨ ᠨᠤᠲᠤᠭ ᠤᠨ ᠨᠡᠷᠡᠲᠤ ᠮᠠᠯ ᠤᠨ ᠡᠮᠴᠢ ᠨᠠᠷ ᠢ ᠲᠠᠭᠠᠵᠦ ᠶᠡᠭᠡ ᠪᠠᠷᠢᠭᠠᠲᠠ ᠶᠢᠨ ᠬᠠᠮᠲᠤ ᠶᠢᠨ ᠮᠠᠯ ᠰᠦᠷᠦᠭ ᠢ ᠡᠮᠨᠡᠵᠤ ᠲᠤᠮᠨᠤᠨ᠂ ᠮᠠᠯ ᠤᠨ ᠡᠮᠴᠢ ᠶᠢᠨ ᠪᠣᠶᠠᠠᠰᠠᠭ ᠥᠢᠯᠡᠰ ᠲᠠᠢ ᠬᠤᠪᠢ ᠪᠠᠷᠢᠯᠳᠤᠯᠭ᠎ᠠ ᠲᠠᠢ ᠪᠣᠯᠣᠭᠰᠠᠨ ᠶᠤᠮ᠃             ᠠᠮᠢ ᠠᠬᠤᠢ ᠶᠢᠨ ᠲᠡᠩᠴᠡᠬᠦᠷᠢᠰᠢᠯ ᠪᠠ ᠠᠮᠢᠳᠤ ᠪᠤᠳᠠᠰ ᠤᠨ ᠬᠡᠯᠬᠢᠶᠡᠵᠢᠯ ᠡᠪᠲᠡᠭᠲᠡᠬᠦ ᠵᠢᠴᠢ ᠤᠷᠴᠢᠨ ᠳᠤᠭᠤᠷᠢᠨ ᠤ ᠬᠤᠪᠢᠷᠠᠯᠳᠠ ᠠᠴᠠ ᠪᠤᠯᠵᠤ᠂ ᠰᠢᠯᠢᠷᠬᠡᠭ ᠭᠠᠵᠠᠷ ᠤᠷᠤᠨ ᠤ ᠪᠣᠳᠠ ᠪᠤᠭ ᠮᠠᠯ ᠳᠤ ᠡᠯ᠎ᠡ ᠵᠥᠢᠯ ᠤᠨ ᠬᠠᠯᠠᠭᠤᠨ ᠴᠢᠨᠠᠷ ᠲᠠᠢ ᠡᠪᠡᠳᠴᠢᠨ ᠤᠯᠠᠨ ᠳᠤᠬᠢᠶᠠᠯᠳᠤᠬᠤ ᠪᠤᠯᠵᠠᠢ᠃ ᠮᠠᠩᠯᠠᠢ ᠰᠤᠷᠪᠤᠯᠵᠢᠯᠠᠭᠴᠢ ᠳᠤ᠄ ︽ᠬᠠᠪᠤᠷ ᠴᠠᠭ ᠠᠭᠤᠷ ᠠᠮᠢᠰᠬᠤᠯ ᠭᠠᠩ ᠬᠠᠭᠤᠷᠠᠢ᠂ ᠰᠠᠯᠬᠢ ᠰᠢᠭᠤᠷᠭ᠎ᠠ ᠶᠡᠭᠡ᠂ ᠮᠠᠯ ᠤᠨ ᠭᠦᠴᠦ ᠲᠤᠷᠪᠢ ᠰᠤᠯᠠ ᠪᠠᠶᠢᠳᠠᠭ ᠠᠴᠠ ᠮᠠᠯ ᠤᠨ ᠬᠡᠲᠡᠰᠤᠨ ᠤ ᠲᠦᠭᠵᠢᠷᠡᠯ᠂ ᠬᠤᠷᠠᠭ᠎ᠠ ᠢᠰᠢᠬᠡᠨ ᠤ ᠬᠤᠳᠤᠭᠤᠳᠤᠨ ᠤ ᠤᠩᠭᠠᠰᠤᠨ ᠪᠠᠨᠳᠠᠭᠠᠢ᠂ ᠰᠢᠬᠡᠰᠦᠨ ᠵᠠᠮ ᠤᠨ ᠴᠢᠯᠠᠭᠤᠵᠢᠯ᠂ ᠰᠢᠩᠬᠡᠬᠡᠯᠳᠠ ᠶᠢᠨ ᠰᠢᠰᠲ᠋ᠧᠮ ᠤᠨ ᠡᠪᠡᠤᠨᠴᠢᠨ᠂ ᠮᠠᠯ ᠤᠨ ᠡᠷᠬᠢᠬᠦᠥ ᠡᠪᠡᠤᠨᠴᠢᠨ ᠪᠠ ᠪᠤᠳᠠ ᠪᠤᠭ ᠮᠠᠯ ᠤᠨ ᠪᠡᠷᠬᠡ ᠳᠥᠯᠯᠠᠯᠳᠠ ᠵᠡᠷᠭᠡ ᠤᠯᠠᠨ ᠵᠥᠢᠯ ᠤᠨ ᠡᠪᠡᠳᠴᠢᠨ ᠠᠮᠠᠷᠬᠠᠨ ᠣᠷᠣᠳᠠᠭ᠃ ᠤᠷᠴᠢᠮ ᠤᠨ ᠵᠢᠯ ᠠᠴᠠ ᠡᠬᠢᠯᠡᠵᠤ ᠪᠤᠲᠠ ᠮᠠᠯ ᠳᠤ ᠴᠤ ᠤᠯᠠᠨ ᠶᠠᠩᠵᠦ ᠶᠢᠨ ᠡᠪᠡᠳᠴᠢᠨ ᠤᠷᠤᠬᠤ ᠪᠤᠯᠵᠦ ᠮᠠᠯᠴᠢᠳ ᠤᠨ ᠰᠠᠨᠠᠭ᠎ᠠ ᠰᠡᠳᠭᠢᠯ ᠢ ᠵᠣᠪᠠᠭᠠᠬᠤ ᠪᠣᠯᠵᠠᠢ᠃ ᠬᠥᠳᠡᠭᠡ ᠨᠤᠲᠤᠭ ᠢᠶᠠᠷ ᠦᠬᠡᠷ ᠠᠷᠪᠢᠳᠬᠤ ᠶᠢ ᠳᠠᠭᠠᠯᠳᠤᠨ ᠰᠦᠯᠢᠶᠤᠤ ᠮᠠᠳᠠᠢ᠂ ᠳᠠᠮᠤᠷ ᠤᠳᠠᠰᠤ᠂ ᠴᠠᠬᠢᠯᠭᠠᠨ ᠤᠳᠠᠰᠤ᠂ ᠭᠤᠮ ᠬᠤᠭᠤᠯᠠᠢ ᠵᠡᠷᠬᠡ ᠬᠥᠮᠥᠰ ᠤᠨ ᠡᠳᠤᠷ ᠳᠤᠳᠤᠮ ᠤᠨ ᠬᠡᠷᠡᠭᠯᠡᠲᠡᠭ ᠵᠦᠢᠯᠠᠰ ᠢᠶᠠᠨ ᠬᠠᠰᠢ ᠶᠠᠰᠢ ᠬᠠᠶ᠋ᠬᠠᠰᠠᠨ ᠢᠶᠠᠷ ᠥᠬᠡᠷ ᠢᠲᠡᠬᠡᠤᠨ ᠬᠡᠮ ᠪᠤᠯᠤᠨᠨᠰᠠᠨ ᠥᠵᠡᠭᠳᠡᠯ ᠤᠯᠠᠨ ᠢᠯᠡᠷᠡᠬᠦ ᠪᠤᠯᠤᠭᠰᠠᠨ ᠪᠠᠶᠢᠨ᠎ᠠ᠂ ᠪᠢᠳᠡ ᠡᠷᠭᠡᠪᠰᠢ ᠡᠳᠡᠭᠡᠷ ᠤᠯᠠᠨ ᠲᠠᠯ᠎ᠠ ᠶᠢᠨ ᠨᠦᠬᠦᠴᠡᠯ ᠰᠢᠯᠲᠠᠭᠠᠨ ᠢ ᠵᠠᠳᠠᠯᠤᠨ ᠰᠢᠨᠵᠢᠵᠤ᠂ ᠡᠷᠲᠡᠬᠡᠨ ᠠᠴᠠ ᠡᠬᠢᠯᠡᠨ ᠠᠷᠭ᠎ᠠ ᠬᠡᠮᠵᠢᠶ᠎ᠡ ᠠᠪᠬᠤ ᠬᠡᠷᠡᠭᠲᠡᠢ︾ ᠬᠡᠵᠤ ᠶᠠᠷᠢᠯ᠎ᠠ᠃          ᠮᠠᠩᠯᠠᠢ ᠪᠣᠯᠣᠨ ᠪᠠᠭᠠᠨ᠎ᠠ ᠪᠣᠯ ᠤᠲᠤᠭ ᠬᠤᠰᠢᠭᠤᠨ ᠤ ᠮᠠᠯ ᠤᠨ ᠬᠢᠵᠢᠭ ᠢ ᠰᠡᠷᠭᠡᠶᠢᠯᠡᠬᠦ ᠲᠥᠪ ᠠᠴᠠ ᠨᠢᠭᠡᠳᠤᠯᠲᠠᠢ ᠲᠤᠮᠢᠯᠠᠵᠦ ᠪᠠᠶᠢᠭ᠎ᠠ ᠮᠠᠯ ᠤᠨ ᠡᠮᠴᠢ ᠨᠠᠷ ᠪᠣᠯᠣᠨ᠎ᠠ᠃ ᠲᠡᠲᠡᠨᠤᠰ ᠵᠢᠯ ᠪᠤᠯᠭᠠᠨ ᠤ ᠡᠨᠡ ᠴᠠᠭ ᠢᠶᠠᠷ ᠮᠠᠯᠴᠢᠨ ᠠᠶᠢᠯ ᠳᠤ ᠬᠥᠷᠴᠤ ᠪᠤᠳᠠ ᠪᠤᠭ ᠮᠠᠯ ᠳᠤ ᠰᠡᠷᠭᠡᠶᠢᠯᠡᠯᠭᠡ ᠶᠢᠨ ᠵᠡᠬᠦᠦ ᠲᠠᠷᠢᠵᠤ᠂ ᠡᠪᠡᠳᠴᠢᠯᠡᠭᠰᠡᠨ ᠮᠠᠯ ᠪᠠᠶᠢᠪᠠᠯ ᠣᠨᠣᠰᠢᠯᠠᠯᠲᠠ ᠬᠢᠬᠦ ᠪᠠ ᠬᠤᠷᠠᠭ᠎ᠠ ᠢᠰᠢᠬᠡᠨ ᠤ ᠬᠤᠳᠤᠭᠤᠳᠤᠨ ᠳᠠᠬᠢ ᠤᠩᠭᠠᠰᠤᠨ ᠪᠠᠨᠳᠠᠭᠠᠢ᠂ ᠰᠢᠬᠡᠰᠦᠨ ᠵᠠᠮ ᠤᠨ ᠴᠢᠯᠠᠭᠤᠵᠢᠯ᠂ ᠰᠢᠩᠬᠡᠬᠡᠯᠳᠠ ᠶᠢᠨ ᠰᠢᠰᠲ᠋ᠧᠮ ᠤᠨ ᠡᠪᠡᠤᠨᠴᠢᠨ᠂ ᠪᠤᠳᠠ ᠪᠤᠭ ᠮᠠᠯ ᠤᠨ ᠪᠡᠷᠬᠡ ᠳᠥᠯᠯᠠᠯᠳᠠ᠂ ᠮᠠᠯ ᠤᠨ ᠬᠡᠲᠡᠰᠤᠨ ᠤ ᠲᠦᠭᠵᠢᠷᠡᠯ ᠵᠡᠷᠬᠡ ᠬᠥᠴᠢᠷ ᠳᠥᠪᠡᠭ ᠲᠠᠢ ᠡᠪᠡᠤᠨᠴᠢᠨ ᠳᠤ ᠮᠠᠰᠠ ᠵᠠᠰᠠᠯ ᠢ ᠬᠢᠵᠥ ᠥᠭᠳᠡᠭ ᠶᠤᠮ᠃            ᠤᠷᠲᠤᠰ ᠮᠤᠩᠭᠤᠯᠴᠤᠳ ᠮᠠᠨᠢ ᠤᠯᠠᠮᠵᠢᠯᠠᠯᠲᠤ ᠶᠤᠰᠤ ᠪᠠᠷ ᠤᠷᠲᠤᠰ ᠲᠤᠭᠠᠯᠠᠯ ᠤᠨ ᠵᠢᠷᠭᠤᠭᠠᠨ ᠰᠠᠷ᠎ᠠ ᠶᠢᠨ ᠬᠤᠷᠢᠨ ᠨᠢᠭᠡᠨ ᠢ ᠥᠩᠭᠡᠷᠡᠬᠦᠯᠥᠭᠰᠡᠭᠡᠷ ᠯᠠ ᠡᠬᠢᠯᠡᠵᠤ ᠲᠠᠪᠤᠨ ᠬᠤᠰᠢᠭᠤ ᠮᠠᠯ ᠤᠨ ᠢᠶᠠᠨ ᠨᠤᠤᠰᠤ ᠨᠤᠤᠯᠤᠭᠤᠷ ᠢ ᠬᠠᠶᠢᠴᠢᠯᠠᠵᠦ ᠰᠠᠮᠨᠠᠳᠠᠭ ᠪᠢᠯᠡ᠃ ᠡᠨᠡ ᠪᠣᠯ ᠮᠤᠩᠭᠤᠯᠴᠤᠳ ᠤᠨ ᠮᠠᠯ ᠤᠨ ᠠᠷᠠᠴᠢᠯᠠᠭ᠎ᠠ ᠮᠠᠯᠯᠠᠭ᠎ᠠ ᠶᠢᠨ ᠴᠢᠬᠤᠯᠠ ᠨᠢᠭᠡᠨ ᠲᠥᠷᠥᠯ ᠤᠨ ᠠᠵᠢᠯ ᠪᠤᠯᠬᠤ ᠶᠤᠮ ᠡ︕ ᠶᠠᠷᠤ ᠳᠡᠭᠡᠨ ᠮᠠᠯ ᠤᠨ ᠠᠷᠠᠴᠢᠯᠠᠭ᠎ᠠ ᠮᠠᠯᠯᠠᠭ᠎ᠠ ᠪᠤᠯ ᠲᠥᠯ ᠲᠤᠰᠴᠤ ᠪᠤᠶᠢᠵᠢᠭᠤᠯᠬᠤ ᠠᠴᠠ ᠠᠪᠤᠭᠠᠳ ᠠᠷᠠᠴᠢᠯᠠᠨ ᠬᠠᠮᠠᠭᠠᠯᠠᠬᠤ᠂ ᠲᠤᠲᠤᠮᠲᠠᠨ ᠰᠤᠷᠭᠠᠬᠤ᠂ ᠡᠳ᠋ᠯᠡᠵᠤ ᠬᠡᠷᠡᠭᠯᠡᠬᠦ ᠪᠠ ᠰᠥᠷᠥᠭ ᠰᠠᠯᠭᠠᠨ ᠲᠡᠬᠢᠨ ᠥᠢᠯᠡᠳᠪᠤᠷᠢᠯᠡᠯ ᠳᠤ ᠤᠷᠤᠭᠤᠯᠬᠤ ᠵᠡᠷᠭᠡ ᠶᠢ ᠪᠠᠭᠲᠠᠭᠠᠭᠰᠠᠨ ᠡᠮᠬᠢ ᠲᠠᠷᠠᠭ᠎ᠠ ᠲᠠᠢ ᠪᠥᠭᠡᠳ ᠨᠠᠷᠢᠨ ᠶᠤᠰᠤ ᠵᠢᠷᠤᠮ ᠲᠠᠢ ᠥᠢᠯᠡᠳᠪᠤᠷᠢᠯᠡᠯ ᠤᠨ ᠪᠦᠬᠦᠢ ᠯᠡ ᠠᠯᠬᠤᠮ ᠳᠠᠷᠠᠭ᠎ᠠ ᠲᠠᠢ ᠪᠠᠶᠢᠳᠠᠭ᠃ ᠤᠳᠠᠯ ᠦᠭᠡᠢ ᠮᠠᠯᠴᠢᠳ ᠮᠠᠨᠢ ᠬᠠᠪᠤᠷ ᠤᠨ ᠮᠠᠯ ᠠᠷᠠᠴᠢᠯᠠᠭ᠎ᠠ ᠶᠢᠨ ᠴᠠᠭ ᠲᠠᠭᠠᠨ ᠤᠷᠤᠵᠦ᠂ ᠢᠮᠠᠭ᠎ᠠ ᠰᠠᠮᠨᠠᠵᠤ ᠬᠤᠨᠢ ᠬᠠᠶᠢᠴᠢᠯᠠᠬᠤ ᠠᠵᠢᠯ ᠲᠡᠭᠡᠷ᠎ᠠ ᠣᠨᠴᠠ ᠶᠠᠭᠠᠷᠠᠯᠲᠠᠢ ᠮᠦᠷᠳᠡᠭᠡᠨ ᠬᠠᠮᠤᠭ ᠤᠨ ᠶᠡᠭᠡ ᠬᠥᠲᠡᠯᠮᠤᠷᠢ ᠶᠢᠨ ᠴᠠᠭ ᠬᠤᠭᠤᠴᠠᠭ᠎ᠠ ᠵᠠᠷᠤᠴᠠᠭᠤᠯᠬᠤ ᠪᠣᠯᠣᠨ᠎ᠠ᠃ ᠢᠮᠠᠭ᠎ᠠ ᠰᠠᠮᠨᠠᠬᠤ ᠠᠴᠠ ᠡᠮᠤᠨ᠎ᠠ ᠮᠠᠯᠴᠢᠳ ᠮᠠᠨᠢ ᠢᠮᠠᠭᠠᠨ ᠤ ᠬᠥᠭᠡᠷᠡᠬᠦ ᠶᠢ ᠲᠤᠩ ᠴᠢᠬᠤᠯᠠ ᠪᠠᠷ ᠥᠵᠡᠲᠡᠭ ᠶᠤᠮ᠃ ᠬᠥᠭᠡᠷᠡᠬᠦ ᠭᠡᠲᠡᠭ ᠨᠢ ᠶᠠᠭᠤ ᠪᠤᠢ ᠭᠡᠪᠡᠯ ᠲᠠᠷᠤᠢ ᠢᠮᠠᠭᠠᠨ ᠤ ᠨᠤᠤᠯᠤᠭᠤᠷ ᠨᠢ ᠪᠠᠶ᠎ᠠ ᠠᠴᠠ ᠪᠠᠨ ᠬᠥᠭᠡᠷᠴᠤ ᠰᠠᠯᠤᠩᠭᠢᠷᠠᠨ ᠰᠠᠮᠨᠠᠬᠤ ᠳᠤ ᠠᠮᠠᠷᠬᠠᠨ ᠪᠣᠯᠬᠤ ᠡᠰᠡᠬᠦ ᠶᠢ ᠵᠢᠭᠠᠵᠤ ᠪᠠᠶᠢᠨ᠎ᠠ᠃ ᠰᠠᠮᠨᠠᠵᠤ ᠠᠪᠲᠠᠬᠤ ᠦᠭᠡᠢ ᠪᠣᠯ ᠢᠮᠠᠭᠠᠨ ᠤ ᠠᠷᠠᠰᠤ ᠮᠢᠬᠠᠨ ᠳᠤ ᠭᠡᠮ ᠠᠷᠬᠠᠭ ᠪᠣᠯᠳᠠᠭ᠃          ᠮᠠᠯ ᠠᠵᠤ ᠠᠬᠤᠢ ᠶᠢᠨ ᠠᠵᠤ ᠤᠶᠢᠯᠠᠰᠵᠢᠬᠦᠯᠥᠯᠳᠠ ᠶᠢᠨ ᠬᠥᠭᠵᠢᠯᠳᠠ ᠶᠢ ᠳᠥᠷᠬᠡᠤᠨᠬᠡᠨ ᠮᠠᠯᠴᠢᠳ ᠤᠨ ᠠᠵᠤ ᠠᠬᠤᠢ ᠶᠢᠨ ᠬᠤᠬᠢᠷᠠᠯ ᠢ ᠠᠯᠢ ᠪᠣᠯᠬᠤ ᠪᠠᠷ ᠪᠠᠭᠠᠰᠬᠠᠬᠤ ᠶᠢᠨ ᠲᠦᠯᠥᠭᠡ ᠡᠳᠦᠭᠡ ᠭᠤᠤᠯᠳᠠᠭᠤ ᠰᠡᠷᠭᠡᠶᠢᠯᠡᠯᠭᠡ ᠪᠠᠷ ᠭᠤᠣᠯ ᠪᠤᠯᠭᠠᠵᠤ᠂ ᠡᠮᠴᠢᠯᠡᠭᠡ ᠶᠢ ᠲᠡᠳ᠋ ᠪᠠᠶᠢᠷᠢᠨ ᠳᠤ ᠲᠠᠯᠪᠢᠬᠤ ᠠᠷᠭ᠎ᠠ ᠶᠢ ᠨᠡᠶᠢᠲᠡᠮ ᠬᠡᠷᠡᠭᠯᠡᠬᠦ ᠪᠣᠯᠣᠭᠰᠠᠨ ᠶᠤᠮ᠃            ᠡᠨᠡ ᠵᠢᠯ ᠣᠷᠳᠣᠰ ᠬᠤᠲᠠ ᠰᠢᠨ᠎ᠡ ᠡᠨᠧᠷᠭᠢ ᠶᠢᠨ ᠠᠵᠤ ᠦᠢᠯᠡᠰ ᠤᠨ ᠬᠡᠯᠬᠢᠶᠡᠵᠢᠯ ᠤᠨ ᠬᠥᠭᠵᠢᠯᠲᠡ ᠶᠢ ᠶᠡᠭᠡ ᠪᠠᠷ ᠠᠬᠢᠭᠤᠯᠵᠤ᠂ ᠳᠡᠯᠡᠬᠡᠢ ᠶᠢᠨ ᠳᠡᠰ ᠤᠨ ᠰᠢᠨ᠎ᠡ ᠡᠨᠧᠷᠭᠢ ᠶᠢᠨ ᠲᠣᠨᠣᠭᠯᠠᠯ ᠦᠢᠯᠡᠳᠬᠦ ᠠᠵᠤ ᠦᠢᠯᠡᠰ ᠢ ᠬᠦᠴᠦᠯᠡᠨ ᠪᠠᠶᠢᠭᠤᠯᠵᠤ ᠡᠬᠢᠯᠡᠭᠰᠡᠨ ᠪᠠᠶᠢᠨ᠎ᠠ᠃ ᠣᠶᠢᠷ᠎ᠠ ᠳᠤ ᠤᠲᠤᠭ ᠤᠨ ᠡᠮᠦᠨᠡᠲᠤ ᠬᠤᠰᠢᠭᠤᠨ ᠤ ᠱᠠᠩᠬᠠᠢ ᠶᠢᠨ ᠰᠦᠮ᠎ᠡ ᠶᠢᠨ ᠠᠵᠤ ᠠᠬᠤᠢ ᠶᠢᠨ ᠨᠡᠭᠡᠭᠡᠯᠲᠡ ᠶᠢᠨ ᠲᠣᠭᠤᠷᠢᠭ ᠲᠤ ᠪᠠᠶᠢᠭ᠎ᠠ ᠷᠦᠨ ᠶᠠᠩ ᠶᠤᠸᠠᠢ ᠳᠠ ᠭᠡᠷᠡᠯ ᠴᠠᠬᠢᠯᠭᠠᠨ ᠤ ᠲᠥᠬᠦᠭᠡᠷᠦᠮᠵᠢ ᠦᠢᠯᠡᠳᠬᠦ ᠪᠦᠬᠦ ᠠᠵᠤ ᠦᠢᠯᠡᠰ ᠤᠨ ᠬᠡᠯᠬᠢᠶ᠎ᠡ ᠶᠢᠨ ᠰᠢᠨᠵᠢᠯᠡᠭᠡ ᠮᠡᠷᠭᠡᠵᠢᠯ ᠤᠨ ᠲᠠᠭᠤᠷᠢᠶᠠᠯ ᠦᠵᠡᠭᠦᠯᠬᠦ ᠲᠥᠷᠥᠯ ᠵᠦᠢᠯ ᠶᠠᠭ ᠰᠠᠶᠢᠬᠠᠨ ᠪᠠᠴᠢᠮ ᠶᠠᠭᠠᠷᠠᠯᠲᠠᠢ ᠪᠠᠷ ᠠᠵᠢᠯ ᠢᠶᠠᠨ ᠡᠬᠢᠯᠡᠬᠦᠯᠦᠭᠰᠡᠨ ᠪᠠᠶᠢᠨ᠎ᠠ᠃   
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ