| ᠵᠤᠷᠪᠤᠰᠯᠠᠨ ᠳᠠᠷᠢᠬᠤ᠄ ᠵᠣᠬᠢᠬᠤ ᠵᠠᠢ ᠠᠯᠤᠰᠯᠠᠬᠤ ᠪᠦᠷᠢ ᠦᠷ᠎ᠡ ᠪᠠᠨ ᠮᠥᠷᠯᠡᠭᠦᠯᠦᠨ ᠲᠠᠷᠢᠵᠤ᠂ ᠲᠠᠷᠢᠬᠤ ᠶᠢᠨ ᠳᠠᠭᠠᠤ ᠳᠤ ᠰᠢᠷᠣᠢ ᠬᠥᠷᠪᠡᠭᠦᠯᠬᠦ ᠠᠷᠭ᠎ᠠ ᠶᠢ | ᠵᠤᠷᠪᠤᠰᠯᠠᠨ ᠳᠠᠷᠢᠬᠤ ᠭᠡᠨ᠎ᠡ᠃ ᠵᠤᠷᠪᠤᠰᠯᠠᠨ ᠲᠠᠷᠢᠬᠤ ᠦᠶ᠎ᠡ ᠶᠢᠨ ᠮᠥᠷ ᠤᠨ ᠵᠠᠢ ᠶᠢᠨ ᠶᠡᠭᠡ ᠪᠠᠭ᠎ᠠ ᠨᠢ ᠪᠡᠯᠴᠢᠭᠡᠷ ᠡᠪᠡᠰᠦᠨ ᠤ ᠲᠥᠷᠥᠯ ᠵᠦᠢᠯ ᠪᠠ ᠠᠰᠢᠭᠯᠠᠬᠤ | ᠵᠣᠷᠢᠯᠭ᠎ᠠ ᠠᠴᠠ ᠪᠣᠯᠵᠤ ᠠᠳᠠᠯᠢ ᠦᠭᠡᠢ ᠪᠠᠶᠢᠳᠠᠭ᠂ ᠭᠡᠬᠦ ᠳᠤ ᠪᠠᠨ ᠥᠨᠳᠥᠷ ᠬᠤᠷᠢᠶᠠᠯᠲᠠ ᠲᠠᠢ᠂ ᠴᠢᠨᠠᠷ ᠰᠠᠶᠢᠲᠠᠢ ᠪᠡᠯᠴᠢᠭᠡᠷ ᠡᠪᠡᠰᠦ ᠪᠠ ᠬᠠᠮᠢᠶᠠᠷᠬᠤ ᠳᠤ ᠳᠥᠭᠦᠮ | ᠪᠠᠶᠢᠬᠤ ᠡᠰᠡᠬᠦ ᠪᠠᠷ ᠪᠠᠷᠢᠮᠵᠢᠶ᠎ᠠ ᠪᠣᠯᠭᠠᠨ᠎ᠠ᠃ | ᠡᠩ ᠤᠨ ᠪᠠᠶᠢᠳᠠᠯ ᠳᠤ ᠪᠡᠯᠴᠢᠭᠡᠷ ᠡᠪᠡᠰᠦᠨ ᠤ ᠮᠥᠷ ᠤᠨ ᠵᠠᠢ ᠨᠢ 15~30 ᠰᠡᠨᠲ᠋ᠢᠮᠧᠲᠷ ᠪᠠᠶᠢᠳᠠᠭ᠃ ᠴᠢᠭᠢᠭᠯᠢᠭ ᠣᠷᠣᠨ ᠪᠤᠶᠤ ᠤᠰᠤᠯᠠᠯᠲᠠ ᠶᠢᠨ | ᠨᠥᠬᠦᠴᠡᠯ ᠲᠠᠢ ᠭᠠᠩ ᠬᠠᠭᠤᠷᠠᠢ ᠣᠷᠣᠨ ᠤ ᠮᠥᠷ ᠤᠨ ᠵᠠᠢ ᠨᠢ 15 ᠰᠡᠨᠲ᠋ᠢᠮᠧᠲᠷ ᠪᠠᠶᠢᠪᠠᠯ ᠵᠣᠬᠢᠨ᠎ᠠ᠃ ᠤᠰᠤᠯᠠᠯᠲᠠ ᠦᠭᠡᠢ ᠭᠠᠩ ᠬᠠᠭᠤᠷᠠᠢ ᠣᠷᠣᠨ ᠤ ᠮᠥᠷ ᠤᠨ | ᠵᠠᠢ ᠨᠢ 30 ᠰᠡᠨᠲ᠋ᠢᠮᠧᠲᠷ ᠪᠠᠶᠢᠪᠠᠯ ᠵᠣᠬᠢᠨ᠎ᠠ᠃ ᠦᠷ᠎ᠡ ᠰᠠᠭᠤᠯᠭᠠᠬᠤ ᠳᠤ ᠮᠥᠷ ᠤᠨ ᠵᠠᠢ ᠶᠢ ᠥᠷᠭᠡᠨ ᠪᠠᠶᠢᠯᠭᠠᠵᠤ᠂ 45-60~100 ᠰᠡᠨᠲ᠋ᠢᠮᠧᠲᠷ ᠤᠨ ᠥᠷᠭᠡᠨ | ᠵᠠᠢ ᠲᠠᠢ ᠵᠤᠷᠪᠤᠰᠯᠠᠨ ᠲᠠᠷᠢᠨ᠎ᠠ᠃ ᠡᠨᠡ ᠮᠡᠲᠦ ᠪᠠᠷ ᠪᠣᠳᠠᠭᠠᠯᠢ ᠪᠡᠶ᠎ᠡ ᠶᠢᠨ ᠰᠢᠮ᠎ᠡ ᠲᠡᠵᠢᠭᠡᠯ ᠤᠨ ᠲᠡᠯᠡᠪᠡᠢ ᠶᠡᠭᠡ᠂ ᠰᠠᠯᠬᠢ ᠨᠡᠪᠲᠡᠷᠡᠬᠦ ᠪᠠ ᠭᠡᠷᠡᠯ ᠲᠤᠰᠬᠤ ᠨᠥᠬᠦᠴᠡᠯ | ᠰᠠᠶᠢᠨ᠂ ᠰᠠᠭᠤᠷᠢ ᠪᠡᠶ᠎ᠡ ᠶᠢᠨ ᠪᠤᠶᠢᠵᠢᠯᠲᠠ ᠰᠠᠶᠢᠨ᠂ ᠲᠣᠭᠤᠰᠣ ᠬᠦᠷᠲᠡᠬᠦ ᠨᠢ ᠭᠦᠢᠴᠡᠳ᠂ ᠦᠷ᠎ᠡ ᠶᠢᠨ ᠤᠨᠠᠯᠲᠠ ᠥᠨᠳᠥᠷ᠂ ᠶᠠᠰᠤ ᠴᠢᠨᠠᠷ ᠨᠢ ᠰᠠᠶᠢᠨ ᠪᠠᠶᠢᠳᠠᠭ᠃ | | ᠰᠠᠴᠤᠵᠤ ᠲᠠᠷᠢᠬᠤ᠄ ᠬᠥᠮᠦᠨ ᠤ ᠬᠦᠴᠦ ᠪᠠᠷ ᠪᠤᠶᠤ ᠮᠠᠰᠢᠨ ᠢᠶᠠᠷ ᠦᠷ᠎ᠡ ᠶᠢ ᠲᠡᠭᠰᠢᠯᠡᠭᠰᠡᠨ ᠬᠥᠷᠥᠰᠥᠨ ᠤ ᠭᠠᠳᠠᠷᠭᠤ ᠳᠤ ᠠᠯᠢ ᠴᠢᠳᠠᠬᠤ ᠪᠠᠷ ᠵᠢᠭᠳᠡ | ᠰᠠᠴᠤᠵᠤ᠂ ᠬᠥᠩᠭᠡᠨ ᠨᠠᠷᠬ᠎ᠠ ᠪᠠᠷ ᠰᠢᠷᠣᠢ ᠬᠥᠷᠪᠡᠭᠦᠯᠬᠦ ᠪᠤᠶᠤ ᠰᠢᠷᠣᠢ ᠬᠥᠷᠪᠡᠭᠦᠯᠬᠦ ᠤᠶᠢᠭᠡᠢ ᠪᠠᠶᠢᠯᠭᠠᠨ᠎ᠠ᠃ ᠰᠠᠴᠤᠵᠤ ᠲᠠᠷᠢᠬᠤ ᠮᠠᠰᠢᠨ ᠨᠢ ᠭᠠᠵᠠᠷ ᠣᠷᠣᠨ ᠪᠠ | ᠦᠷ᠎ᠡ ᠶᠢᠨ ᠠᠳᠠᠯᠢ ᠪᠤᠰᠤ ᠠᠴᠠ ᠪᠣᠯᠵᠤ ᠠᠳᠠᠯᠢ ᠪᠤᠰᠤ ᠪᠠᠶᠢᠵᠤ᠂ ᠭᠠᠷ ᠢᠶᠠᠷ ᠡᠷᠭᠢᠭᠦᠯᠵᠦ ᠲᠠᠷᠢᠬᠤ ᠮᠠᠰᠢᠨ ᠨᠢ ᠬᠤᠨᠢᠨ ᠲᠦᠯᠡᠭᠡ᠂ ᠴᠠᠷᠭᠠᠰᠤ᠂ ᠬᠦᠴᠢᠩᠭᠢ ᠪᠠ | ᠱᠠᠳᠠᠸᠤᠨ ᠵᠡᠷᠭᠡ ᠶᠢ ᠰᠠᠴᠤᠵᠤ ᠲᠠᠷᠢᠬᠤ ᠳᠤ ᠲᠣᠬᠢᠷᠠᠮᠵᠢᠲᠠᠢ ᠪᠠᠶᠢᠳᠠᠭ᠃ ᠨᠢᠰᠬᠡᠯ ᠢᠶᠠᠷ ᠡᠪᠡᠰᠦ ᠲᠠᠷᠢᠬᠤ ᠨᠢ ᠪᠠᠰᠠ ᠨᠢᠭᠡ ᠵᠦᠢᠯ ᠤᠨ ᠰᠠᠴᠤᠵᠤ ᠲᠠᠷᠢᠬᠤ ᠶᠠᠪᠤᠳᠠᠯ | ᠪᠣᠯᠤᠨ᠎ᠠ᠃ ᠠᠭᠤᠯᠠᠷᠬᠠᠭ ᠣᠷᠣᠨ᠂ ᠨᠤᠲᠤᠭ ᠪᠡᠯᠴᠢᠭᠡᠷ ᠲᠤ ᠰᠠᠴᠤᠵᠤ ᠲᠠᠷᠢᠬᠤ ᠠᠴᠠ ᠡᠮᠦᠨ᠎ᠡ ᠭᠠᠵᠠᠷ ᠤᠨ ᠭᠠᠳᠠᠷᠭᠤ ᠶᠢ ᠰᠠᠶᠢᠲᠤᠷ ᠰᠢᠢᠳᠪᠦᠷᠢᠯᠡᠬᠦ ᠬᠡᠷᠡᠭᠲᠡᠢ᠂ | ᠡᠯᠡᠰᠦᠷᠬᠡᠭ ᠭᠠᠵᠠᠷ ᠪᠤᠶᠤ ᠡᠯᠡᠰᠦ ᠮᠠᠩᠬᠠᠨ ᠳᠤ ᠨᠢᠰᠬᠡᠯ ᠢᠶᠠᠷ ᠲᠠᠷᠢᠬᠤ ᠳᠤ ᠡᠩ ᠤᠨ ᠪᠠᠶᠢᠳᠠᠯ ᠳᠤ ᠭᠠᠵᠠᠷ ᠤᠨ ᠭᠠᠳᠠᠷᠭᠤ ᠶᠢ ᠰᠢᠢᠳᠪᠦᠷᠢᠯᠡᠬᠦ ᠠᠵᠢᠯ ᠬᠢᠬᠦ ᠦᠭᠡᠢ᠃ | | ᠪᠣᠷᠳᠣᠭᠤᠷ ᠲᠠᠢ ᠲᠠᠷᠢᠬᠤ᠄ ᠪᠤᠷᠳᠦᠭᠤᠷ ᠲᠠᠢ ᠲᠠᠷᠢᠬᠤ ᠨᠢ ᠳᠠᠷᠤᠢ ᠲᠠᠷᠢᠬᠤ ᠦᠶ᠎ᠡ ᠳᠤ ᠪᠠᠨ ᠪᠣᠷᠳᠣᠭᠤᠷ ᠢᠶᠠᠨ ᠰᠢᠭᠤᠳ ᠦᠷ᠎ᠡ ᠶᠢᠨ ᠳᠣᠣᠷ᠎ᠠ | ᠣᠷᠣᠭᠤᠯᠬᠤ ᠶᠢ ᠬᠡᠯᠡᠨ᠎ᠡ᠃ ᠪᠣᠷᠳᠣᠭᠤᠷ ᠨᠢ ᠦᠷ᠎ᠡ ᠠᠴᠠ ᠪᠠᠨ ᠭᠦᠨ ᠪᠤᠯᠠᠭᠳᠠᠳᠠᠭ ᠠᠴᠠ ᠪᠣᠯᠵᠣ᠂ ᠲᠠᠷᠢᠬᠤ ᠠᠴᠠ ᠪᠠᠨ ᠡᠮᠦᠨ᠎ᠡ ᠪᠣᠷᠳᠣᠭᠤᠷ ᠣᠷᠣᠭᠤᠯᠵᠤ | ᠬᠥᠷᠥᠰᠥ ᠶᠢ ᠬᠥᠷᠪᠡᠭᠦᠯᠦᠭᠡᠳ ᠲᠠᠷᠢᠬᠤ ᠭᠦᠨ ᠳᠤ ᠬᠦᠷᠭᠡᠵᠦ᠂ ᠳᠠᠷᠠᠭ᠎ᠠ ᠳᠤ ᠨᠢ ᠦᠷ᠎ᠡ ᠰᠠᠴᠤᠵᠤ ᠲᠠᠷᠢᠳᠠᠭ᠃ ᠡᠨᠡ ᠨᠢ ᠨᠡᠯᠢᠶᠡᠳ ᠳᠠᠪᠰᠢᠩᠭᠤᠢ ᠲᠠᠷᠢᠬᠤ ᠠᠷᠭ᠎ᠠ | ᠪᠠᠶᠢᠵᠤ᠂ ᠡᠪᠡᠰᠦ ᠶᠢ ᠨᠢᠯᠬ᠎ᠠ ᠴᠢᠬᠢ ᠶᠢᠨ ᠦᠶ᠎ᠡ ᠳᠤ ᠨᠢ ᠴᠠᠭ ᠲᠤᠬᠠᠢ ᠳᠤ ᠨᠢ ᠬᠠᠩᠭᠠᠮᠵᠢᠲᠠᠢ ᠰᠢᠮ᠎ᠡ ᠲᠡᠵᠢᠭᠡᠯ ᠲᠠᠢ ᠪᠣᠯᠭᠠᠳᠠᠭ᠃ ᠪᠣᠷᠳᠣᠭᠤᠷ ᠲᠠᠢ ᠲᠠᠷᠢᠬᠤ ᠳᠤ | ᠭᠤᠣᠯᠳᠠᠭᠤ ᠹᠣᠰᠹᠣᠷ ᠪᠣᠷᠳᠣᠭᠤᠷ ᠣᠷᠣᠭᠤᠯᠤᠨ᠎ᠠ᠂ ᠪᠠᠰᠠ ᠠᠽᠣᠲ ᠪᠣᠷᠳᠣᠭᠤᠷ ᠪᠠ ᠺᠠᠯᠢ ᠪᠣᠷᠳᠣᠭᠤᠷ ᠵᠤᠷᠪᠤᠰᠯᠠᠨ ᠣᠷᠣᠭᠤᠯᠵᠤ ᠪᠣᠯᠤᠨ᠎ᠠ᠃ ᠪᠣᠷᠳᠣᠭᠤᠷ | ᠣᠷᠣᠭᠤᠯᠬᠤ ᠭᠦᠨ ᠤ ᠬᠡᠮᠵᠢᠶ᠎ᠡ ᠨᠢ ᠶᠡᠷᠦ ᠳᠤ ᠪᠠᠨ ᠲᠠᠷᠢᠬᠤ ᠬᠡᠮᠵᠢᠶ᠎ᠡ ᠠᠴᠠ ᠳᠣᠷᠣᠭᠰᠢ 4 ~ 6 ᠰᠡᠨᠲ᠋ᠢᠮᠧᠲᠷ ᠪᠠᠶᠢᠳᠠᠭ᠃ | ᠠᠨᠵᠢᠰᠤᠨ ᠰᠤᠪᠠᠭ ᠢᠶᠠᠷ ᠳᠠᠷᠢᠬᠤ᠄ ᠭᠠᠩ ᠬᠠᠭᠤᠷᠠᠢ ᠪᠤᠶᠤ ᠬᠠᠭᠠᠰ ᠭᠠᠩ ᠬᠠᠭᠤᠷᠠᠢ ᠣᠷᠣᠨ ᠳᠤ ᠳᠠᠷᠢᠬᠤ ᠬᠤᠭᠤᠴᠠᠭᠠᠨ ᠳᠤ 5 ~ 6 ᠰᠡᠨᠲ᠋ᠢᠮᠧᠲᠷ | ᠬᠠᠭᠤᠷᠠᠢ ᠰᠢᠷᠣᠢ ᠶᠢᠨ ᠳᠠᠪᠬᠤᠷᠭ᠎ᠠ ᠲᠠᠢ᠃ ᠲᠠᠷᠢᠬᠤ ᠳᠤ ᠪᠠᠨ ᠤᠷᠢᠳ ᠢᠶᠠᠷ ᠰᠤᠪᠠᠭ ᠢ ᠨᠢ ᠭᠠᠷᠭᠠᠵᠤ ᠬᠥᠷᠥᠰᠥ ᠶᠢ ᠨᠢ ᠬᠤᠪᠢᠶᠠᠨ᠂ ᠰᠤᠪᠠᠭ ᠤᠨ ᠨᠦᠢᠲᠠᠨ | ᠬᠥᠷᠥᠰᠥᠨ ᠤ ᠳᠠᠪᠬᠤᠷᠭ᠎ᠠ ᠳᠡᠭᠡᠷ᠎ᠡ ᠡᠪᠡᠰᠦᠨ ᠤ ᠦᠷ᠎ᠡ ᠶᠢ ᠲᠠᠷᠢᠨ᠎ᠠ᠃ ᠲᠤᠰᠬᠠᠢ ᠬᠡᠷᠡᠭᠯᠡᠬᠦ ᠠᠨᠵᠢᠰᠤᠨ ᠰᠤᠪᠠᠭ ᠤᠨ ᠦᠷ᠎ᠡ ᠰᠠᠴᠤᠬᠤ ᠮᠠᠰᠢᠨ ᠪᠤᠶᠤ ᠬᠥᠮᠦᠨ ᠤ | ᠬᠦᠴᠦ ᠪᠠᠷ᠂ ᠮᠠᠯ ᠤᠨ ᠬᠦᠴᠦ ᠪᠠᠷ ᠰᠤᠪᠠᠭ ᠭᠠᠷᠭᠠᠨ ᠦᠷ᠎ᠡ ᠰᠠᠴᠤᠳᠠᠭ᠃ ᠥᠨᠳᠥᠷ ᠬᠦᠢᠲᠡᠨ ᠣᠷᠣᠨ ᠳᠤ ᠣᠯᠠᠩᠬᠢ ᠳᠤ ᠪᠠᠨ ᠡᠨᠡ ᠠᠷᠭ᠎ᠠ ᠶᠢ ᠬᠡᠷᠡᠭᠯᠡᠵᠦ | ᠲᠠᠷᠢᠳᠠᠭ᠃ | ᠲᠡᠵᠢᠭᠡᠯ ᠡᠪᠡᠰᠦᠨ ᠤ ᠲᠠᠷᠢᠬᠤ ᠭᠦᠨ ᠤ ᠬᠡᠮᠵᠢᠶ᠎ᠡ᠄ ᠲᠡᠵᠢᠭᠡᠯ ᠡᠪᠡᠰᠦᠨ ᠤ ᠲᠠᠷᠢᠬᠤ ᠭᠦᠨ ᠤ ᠬᠡᠮᠵᠢᠶ᠎ᠡ ᠨᠢ ᠭᠤᠣᠯᠳᠠᠭᠤ ᠦᠷ᠎ᠡ ᠶᠢᠨ ᠶᠡᠭᠡ ᠪᠠᠭ᠎ᠠ᠂ | ᠬᠥᠷᠥᠰᠥᠨ ᠤ ᠤᠰᠤᠨ ᠤ ᠠᠭᠤᠯᠤᠭᠳᠠᠴᠠ ᠪᠠ ᠬᠥᠷᠥᠰᠥᠨ ᠤ ᠴᠢᠨᠠᠷ ᠢᠶᠠᠷ ᠲᠣᠭᠲᠠᠭᠠᠭᠳᠠᠨ᠎ᠠ᠃ ᠡᠩ ᠤᠨ ᠪᠠᠶᠢᠳᠠᠯ ᠳᠤ ᠠᠪᠴᠤ ᠬᠡᠯᠡᠪᠡᠯ᠂ ᠡᠪᠡᠰᠦ ᠪᠣᠷᠳᠤᠭ᠎ᠠ ᠶᠢ | ᠭᠦᠢᠬᠡᠨ ᠢᠶᠠᠷ ᠲᠠᠷᠢᠪᠠᠯ ᠲᠣᠬᠢᠷᠠᠮᠵᠢᠲᠠᠢ᠂ ᠬᠠᠷᠢᠨ ᠪᠤᠷᠴᠠᠭ ᠤᠨ ᠢᠵᠠᠭᠤᠷ ᠤᠨ ᠡᠪᠡᠰᠦ ᠪᠣᠷᠳᠤᠭ᠎ᠠ ᠶᠢ ᠦᠶᠡᠲᠦ ᠤᠷᠭᠤᠮᠠᠯ ᠤᠨ ᠢᠵᠠᠭᠤᠷ ᠤᠨ ᠡᠪᠡᠰᠦ ᠠᠴᠠ ᠨᠡᠩ | ᠭᠦᠢᠬᠡᠨ ᠢᠶᠠᠷ ᠲᠠᠷᠢᠪᠠᠯ ᠵᠣᠬᠢᠨ᠎ᠠ᠃ ᠣᠨᠴᠠᠭᠠᠶᠢᠯᠠᠨ ᠦᠷ᠎ᠡ ᠶᠢᠨ ᠨᠠᠪᠴᠢ ᠠᠴᠠ ᠣᠯᠳᠠᠭᠰᠠᠨ ᠡᠪᠡᠰᠦ ᠡᠪᠡᠰᠦ᠂ ᠵᠢᠱᠢᠶᠡᠯᠡᠪᠡᠯ ᠬᠦᠷᠡᠩ ᠴᠠᠷᠭᠠᠰᠤ᠂ ᠤᠯᠠᠭᠠᠨ | ᠪᠤᠷᠴᠠᠭ ᠤᠨ ᠡᠪᠡᠰᠦ ᠶᠢ ᠬᠡᠳᠦ ᠭᠦᠨ ᠲᠠᠷᠢᠪᠠᠯ ᠦᠷ᠎ᠡ ᠶᠢᠨ ᠨᠠᠪᠴᠢ ᠠᠴᠠ ᠣᠯᠳᠠᠵᠤ ᠪᠦᠲᠡᠵᠦ ᠦᠬᠦᠳᠡᠭ᠃ ᠡᠪᠡᠰᠦ ᠶᠢ 2 ~ 4 ᠰᠡᠨᠲ᠋ᠢᠮᠧᠲᠷ ᠭᠦᠨ ᠳᠠᠷᠢᠪᠠᠯ | ᠵᠣᠬᠢᠨ᠎ᠠ᠃ ᠰᠡᠶᠢᠷᠡᠭ ᠬᠥᠷᠥᠰᠥ ︵ᠡᠯᠡᠰᠦᠷᠬᠡᠭ ᠰᠢᠷᠣᠢ︶ ᠶᠢᠨ ᠵᠢᠵᠢᠭ ᠮᠥᠬᠦᠯᠢᠭᠲᠦ ᠦᠷ᠎ᠡ ᠶᠢ 2 ᠰᠡᠨᠲ᠋ᠢᠮᠧᠲᠷ᠂ ᠲᠣᠮᠣ ᠮᠥᠬᠦᠯᠢᠭᠲᠦ ᠦᠷ᠎ᠡ ᠶᠢ 3~4 | ᠰᠡᠨᠲ᠋ᠢᠮᠧᠲᠷ ᠢᠶᠠᠷ ᠲᠠᠷᠢᠵᠦ ᠣᠷᠣᠭᠤᠯᠤᠨ᠎ᠠ︔ ᠨᠢᠭᠲᠠ ᠬᠥᠷᠥᠰᠥᠨ ᠳᠤ 1.5 ~ 2 ᠰᠡᠨᠲ᠋ᠢᠮᠧᠲᠷ ᠭᠦᠨ ᠳᠠᠷᠢᠨ᠎ᠠ᠃ | ᠲᠠᠷᠢᠬᠤ ᠶᠢᠨ ᠪᠤᠰᠤᠳ ᠱᠠᠭᠠᠷᠳᠠᠯᠭ᠎ᠠ᠄ ᠰᠠᠶᠢᠲᠤᠷ ᠰᠢᠢᠳᠪᠦᠷᠢᠯᠡᠭᠰᠡᠨ ᠦᠷ᠎ᠡ ᠶᠢ ᠲᠠᠷᠢᠬᠤ ᠳᠤ ᠪᠠᠨ ᠮᠠᠰᠢᠨ ᠢᠶᠠᠷ ᠲᠠᠷᠢᠭᠰᠠᠨ ᠴᠤ ᠲᠡᠷᠡ᠂ ᠬᠥᠮᠦᠨ ᠤ | ᠬᠦᠴᠦ ᠪᠠᠷ ᠲᠠᠷᠢᠭᠰᠠᠨ ᠴᠤ ᠲᠡᠷᠡ ᠴᠥᠮ ᠵᠢᠭᠳᠡ ᠲᠠᠷᠢᠬᠤ ᠬᠡᠷᠡᠭᠲᠡᠢ᠂ ᠲᠠᠷᠢᠭᠰᠠᠨ ᠤ ᠳᠠᠷᠠᠭ᠎ᠠ ᠬᠥᠩᠭᠡᠨ ᠨᠠᠷᠬᠠᠳᠠᠬᠤ᠂ ᠲᠠᠪᠰᠢᠵᠦ ᠲᠡᠭᠰᠢᠯᠡᠬᠦ ᠨᠢ ᠰᠢᠷᠣᠢ | ᠬᠤᠴᠢᠬᠤ ᠪᠠ ᠵᠢᠭᠳᠡ ᠳᠠᠷᠤᠰᠢᠭᠤᠯᠬᠤ ᠦᠢᠯᠡᠳᠦᠯ ᠲᠠᠢ᠃ ᠵᠤᠷᠪᠤᠰᠯᠠᠨ ᠲᠠᠷᠢᠬᠤ ᠳᠤ ᠰᠢᠷᠣᠢ ᠬᠤᠴᠢᠵᠤ ᠳᠠᠷᠤᠬᠤ ᠬᠡᠷᠡᠭᠲᠡᠢ᠃ ᠰᠠᠴᠤᠵᠤ ᠲᠠᠷᠢᠬᠤ ᠳᠤ᠂ | ᠵᠢᠱᠢᠶᠡᠯᠡᠪᠡᠯ ᠨᠠᠮᠤᠷ ᠤᠨ ᠲᠠᠷᠢᠶᠠᠯᠠᠭ᠎ᠠ ᠶᠢᠨ ᠭᠠᠵᠠᠷ ᠲᠠᠷᠢᠬᠤ ᠳᠤ᠂ ᠭᠠᠵᠠᠷ ᠰᠢᠷᠣᠢ ᠴᠡᠪᠡᠷ ᠪᠥᠭᠡᠳ ᠬᠤᠭ ᠡᠪᠡᠰᠦ ᠦᠭᠡᠢ ᠪᠣᠯ ᠵᠢᠵᠢᠭ ᠮᠥᠬᠦᠯᠢᠭ ᠪᠤᠷᠴᠠᠭ ᠤᠨ | ᠢᠵᠠᠭᠤᠷ ᠤᠨ ᠡᠪᠡᠰᠦ ᠲᠠᠷᠢᠬᠤ ᠳᠤ ᠰᠢᠷᠣᠢ ᠳᠠᠷᠤᠬᠤ ᠴᠢᠬᠤᠯᠠ ᠦᠭᠡᠢ᠂ ᠶᠡᠭᠡ ᠬᠡᠪᠴᠢᠶᠡᠨ ᠤ ᠨᠢᠰᠬᠡᠯ ᠢᠶᠠᠷ ᠲᠠᠷᠢᠬᠤ ᠣᠷᠣᠨ ᠳᠤ ᠬᠤᠨᠢᠨ ᠰᠦᠷᠦᠭ ᠢᠶᠠᠷ | ᠭᠢᠰᠬᠢᠭᠦᠯᠵᠦ ᠪᠣᠯᠤᠨ᠎ᠠ᠃ | |