5 ᠰᠠᠷ᠎ᠠ ᠪᠣᠯᠬᠤ ᠳᠤ᠂ ᠤᠰᠤᠨ ᠲᠤᠲᠤᠷᠭ᠎ᠠ ᠶᠢᠨ ᠴᠢᠬᠢᠯᠡᠬᠦ ᠬᠤᠭᠤᠴᠠᠭᠠᠨ ᠤ ᠡᠪᠡᠳᠴᠢᠨ ᠤ ᠬᠥᠨᠥᠭᠡᠯ ᠠᠮᠠᠷᠬᠠᠨ ᠡᠭᠦᠰᠳᠡᠭ᠂ ᠬᠢᠩᠭᠠᠨ ᠠᠶᠢᠮᠠᠭ ᠤᠨ | ᠲᠠᠷᠢᠶᠠᠯᠠᠩ ᠮᠠᠯ ᠠᠵᠤ ᠠᠬᠤᠢ ᠶᠢᠨ ᠮᠡᠷᠭᠡᠵᠢᠯ ᠳᠡᠯᠭᠡᠷᠡᠭᠦᠯᠬᠦ ᠲᠥᠪ ᠤᠨ ᠤᠷᠭᠤᠮᠠᠯ ᠤᠨ ᠬᠠᠮᠠᠭᠠᠯᠠᠯᠲᠠ ᠤᠷᠭᠤᠮᠠᠯ ᠤᠨ ᠪᠠᠶᠢᠴᠠᠭᠠᠯᠲᠠ ᠶᠢᠨ ᠰᠠᠯᠠᠭ᠎ᠠ ᠥᠷᠭᠡᠨ ᠣᠯᠠᠨ | ᠲᠤᠲᠤᠷᠭ᠎ᠠ ᠶᠢᠨ ᠲᠠᠷᠢᠶᠠᠴᠢᠳ ᠲᠤ ᠲᠠᠷᠢᠶᠠᠨ ᠠᠵᠢᠯ ᠤᠨ ᠬᠠᠮᠢᠶᠠᠷᠤᠯᠲᠠ ᠪᠠᠨ ᠴᠢᠩᠭᠠᠳᠬᠠᠵᠤ᠂ ᠤᠷᠭᠤᠮᠠᠯ ᠤᠨ ᠬᠠᠮᠠᠭᠠᠯᠠᠯᠲᠠ ᠶᠢᠨ ᠠᠷᠭ᠎ᠠ ᠬᠡᠮᠵᠢᠶ᠎ᠡ ᠶᠢ ᠴᠠᠭ | ᠲᠤᠬᠠᠢ ᠳᠤᠨᠢ ᠬᠡᠷᠡᠭᠵᠢᠭᠦᠯᠵᠦ᠂ ᠡᠷᠲᠡ ᠰᠡᠷᠭᠡᠶᠢᠯᠡᠵᠦ ᠡᠷᠲᠡ ᠵᠠᠰᠠᠬᠤ ᠬᠡᠷᠡᠭᠲᠡᠢ ᠭᠡᠵᠦ ᠰᠠᠨᠠᠭᠤᠯᠵᠤ ᠪᠠᠶᠢᠨ᠎ᠠ᠃ | ᠤᠰᠤᠨ ᠲᠤᠲᠤᠷᠭ᠎ᠠ ᠶᠢᠨ ᠬᠤᠪᠠᠭ᠋ᠠᠶᠢᠷᠠᠬᠤ ᠡᠪᠡᠳᠴᠢᠨ ᠪᠣᠯ ᠤᠰᠤᠨ ᠲᠤᠲᠤᠷᠭ᠎ᠠ ᠶᠢᠨ ᠴᠢᠬᠢᠯᠡᠬᠦ ᠬᠤᠭᠤᠴᠠᠭᠠᠨ ᠤ ᠭᠤᠣᠯ ᠡᠪᠡᠳᠴᠢᠨ ᠤ ᠬᠥᠨᠥᠭᠡᠯ ᠮᠥᠨ | ᠂ ᠬᠢᠩᠭᠠᠨ ᠠᠶᠢᠮᠠᠭ ᠤᠨ ᠲᠤᠲᠤᠷᠭ᠎ᠠ ᠶᠢᠨ ᠣᠷᠣᠨ ᠳᠤ ᠨᠡᠶᠢᠳᠡᠮ ᠡᠭᠦᠰᠳᠡᠭ᠃ ᠭᠤᠣᠯ ᠢᠯᠡᠷᠡᠯ ᠨᠢ ᠴᠢᠬᠢ ᠭᠠᠷᠤᠭᠰᠠᠨ ᠤ ᠳᠠᠷᠠᠭ᠎ᠠ ᠴᠢᠬᠢ ᠨᠢ ᠬᠤᠪᠬᠠᠶᠢᠷᠠᠨ | ᠦᠬᠦᠰᠢᠷᠡᠵᠦ᠂ ᠠᠮᠠᠷᠬᠠᠨ ᠬᠤᠭᠤᠯᠤᠭᠳᠠᠵᠤ᠂ ᠡᠰᠢᠨ ᠤ ᠤᠭ ᠨᠢ ᠢᠯᠵᠢᠷᠡᠵᠦ᠂ ᠨᠡᠯᠢᠶᠡᠳ ᠬᠦᠨᠳᠦ ᠡᠪᠡᠳᠴᠢᠯᠡᠭᠰᠡᠨ ᠨᠢ ᠪᠦᠬᠦᠯᠢ ᠪᠠᠷ ᠢᠶᠠᠨ ᠦᠬᠦᠵᠦ᠂ | ᠡᠪᠡᠳᠴᠢᠯᠡᠭᠰᠡᠨ ᠬᠡᠰᠡᠭ ᠲᠤ ᠣᠯᠠᠩᠬᠢ ᠳᠠᠭᠠᠨ ᠤᠯᠠᠭᠠᠨ ᠥᠩᠭᠡᠲᠦ ᠬᠥᠭᠡᠴᠦ ᠬᠡᠯᠪᠡᠷᠢ ᠶᠢᠨ ᠪᠣᠳᠠᠰ ᠢᠯᠡᠭᠦᠦ ᠤᠷᠭᠤᠳᠠᠭ᠃ ᠴᠢᠬᠢ ᠶᠢᠨ 2~3 ᠨᠠᠪᠴᠢ ᠶᠢᠨ | ᠬᠤᠭᠤᠴᠠᠭᠠᠨ ᠳᠤ ᠬᠦᠪᠦᠷᠡᠯ ᠤᠨ ᠰᠦ ᠨᠢ ᠪᠠᠷᠠᠭᠳᠠᠬᠤ ᠳᠤ ᠣᠶᠢᠷᠠᠳᠴᠤ᠂ ᠬᠦᠢᠲᠡᠨ ᠢ ᠲᠡᠰᠪᠦᠷᠢᠯᠡᠬᠦ ᠴᠢᠳᠠᠪᠤᠷᠢ ᠨᠢ ᠬᠠᠮᠤᠭ ᠮᠠᠭᠤ᠂ ᠡᠳᠦᠷ ᠤᠨ ᠳᠤᠮᠳᠠᠴᠢ | ᠠᠭᠠᠷ ᠤᠨ ᠳᠤᠯᠠᠭᠠᠨ ᠨᠢ 12~15℃ ᠠᠴᠠ ᠳᠣᠣᠷ᠎ᠠ ᠪᠣᠯ ᠦᠷᠡᠵᠢᠯ ᠬᠠᠷᠰᠢᠯᠠᠭᠳᠠᠵᠤ᠂ ᠡᠪᠡᠳᠴᠢᠨ ᠢ ᠡᠰᠡᠷᠭᠦᠴᠡᠬᠦ ᠴᠢᠨᠠᠷ ᠨᠢ ᠮᠡᠳᠡᠭᠳᠡᠮ᠎ᠡ ᠪᠠᠭᠤᠷᠠᠨ᠂ | ᠡᠪᠡᠳᠴᠢᠨ ᠤ ᠪᠠᠺᠲ᠋ᠧᠷᠢ ᠠᠮᠠᠷᠬᠠᠨ ᠬᠠᠯᠳᠠᠪᠤᠷᠢᠯᠠᠨ᠎ᠠ᠂ ᠡᠨᠡ ᠦᠶ᠎ᠡ ᠳᠤ ᠬᠡᠷᠪᠡ ᠬᠦᠢᠲᠡᠨ᠂ ᠪᠦᠷᠬᠦᠭ ᠪᠣᠷᠣᠭᠠᠨ ᠲᠠᠢ ᠲᠣᠬᠢᠶᠠᠯᠳᠤᠪᠠᠯ ᠬᠤᠪᠠᠭ᠋ᠠᠶᠢᠷᠠᠬᠤ ᠡᠪᠡᠳᠴᠢᠨ | ᠬᠠᠮᠤᠭ ᠠᠮᠠᠷᠬᠠᠨ ᠳᠤ ᠨᠡᠷᠪᠡᠭᠳᠡᠨ᠎ᠡ᠃ 1 ᠨᠠᠪᠴᠢ ᠠᠴᠠ 2 ᠨᠠᠪᠴᠢ ᠶᠢᠨ ᠬᠤᠭᠤᠴᠠᠭᠠᠨ ᠳᠤ ᠬᠦᠯᠡᠮᠵᠢ ᠶᠢᠨ ᠳᠤᠯᠠᠭᠠᠨ ᠤ ᠬᠡᠮᠵᠢᠶ᠎ᠡ ᠶᠢ 18 - 22℃ ᠪᠠᠶᠢᠯᠭᠠᠵᠤ | ᠂ 25℃ ᠠᠴᠠ ᠬᠡᠲᠦᠷᠡᠭᠦᠯᠵᠦ ᠪᠣᠯᠬᠤ ᠦᠭᠡᠢ᠂ ᠰᠥᠨᠢ ᠪᠣᠯᠬᠤ ᠳᠤ 5℃ ᠠᠴᠠ ᠳᠣᠣᠷ᠎ᠠ ᠪᠠᠶᠢᠯᠭᠠᠵᠤ ᠪᠣᠯᠬᠤ ᠦᠭᠡᠢ᠃ ᠨᠢᠭᠡ ᠨᠠᠪᠴᠢ ᠨᠢᠭᠡ ᠭᠤᠣᠯ ᠲᠠᠢ | ᠦᠶ᠎ᠡ ᠳᠤ᠂ ᠤᠰᠤᠯᠠᠬᠤ᠂ ᠪᠣᠷᠳᠣᠭᠤᠷ ᠨᠡᠮᠡᠬᠦ ᠪᠠ ᠬᠤᠪᠠᠭ᠋ᠠᠶᠢᠷᠠᠬᠤ ᠡᠪᠡᠳᠴᠢᠨ ᠢ ᠰᠡᠷᠭᠡᠶᠢᠯᠡᠨ ᠵᠠᠰᠠᠬᠤ ᠲᠠᠢ ᠤᠶᠠᠯᠳᠤᠭᠤᠯᠤᠨ ᠬᠠᠮᠲᠤ ᠳᠤᠨᠢ ᠬᠢᠵᠦ᠂ ᠪᠣᠷᠳᠣᠭᠤᠷ | ᠣᠷᠣᠭᠤᠯᠬᠤ ᠳᠠᠭᠠᠨ ᠲᠠᠪᠠᠭ ᠪᠦᠷᠢ ᠶᠢ ᠬᠦᠬᠦᠷ ᠬᠦᠴᠢᠯ ᠤᠨ ᠠᠮᠮᠤᠨᠢ 3-5 ᠭᠷᠡᠮ ᠢ 35% ᠶᠢᠨ ᠮᠧᠲ᠋ᠢᠯᠢᠨ · ᠹᠦ᠋ ᠮᠧᠢ ᠱᠤᠸᠠᠩ ᠴᠢᠭᠢᠭᠲᠦᠭᠦᠯᠬᠦ ᠨᠤᠨᠳᠠᠭ ᠡᠮ | 800 ᠳᠠᠬᠢᠨ ᠤ ᠰᠢᠩᠭᠡᠨ ᠲᠠᠢ ᠬᠤᠯᠢᠵᠤ᠂ ᠲᠠᠪᠠᠭ ᠪᠦᠷᠢ ᠶᠢ 0.5 ᠺᠢᠯᠣᠭ᠍ᠷᠠᠮ ᠪᠣᠷᠳᠣᠭᠤᠷ ᠣᠷᠣᠭᠤᠯᠤᠭᠰᠠᠨ ᠤ ᠳᠠᠷᠠᠭ᠎ᠠ ᠴᠡᠪᠡᠷ ᠤᠰᠤ ᠪᠠᠷ ᠰᠦᠷᠴᠢᠨ | ᠤᠬᠢᠶᠠᠨ᠎ᠠ᠂ ᠳᠡᠭᠡᠷᠡᠬᠢ ᠠᠵᠢᠯ ᠢ ᠨᠢᠭᠡ ᠯᠡ ᠤᠳᠠᠭ᠎ᠠ ᠳᠤ ᠬᠢᠵᠦ ᠳᠠᠭᠤᠰᠬᠠᠨ᠎ᠠ᠃ ᠪᠠᠰᠠ 1000 ᠳ᠋ᠦᠩᠰᠢᠭᠤᠷ / ᠭᠷᠡᠮ ᠬᠤᠪᠠᠭ᠋ᠠᠢ ᠡᠪᠡᠰᠦᠨ ᠤ ᠰᠫᠣᠷᠲᠦ ᠰᠠᠪᠬᠠᠨ | ᠪᠠᠺᠲ᠋ᠧᠷᠢ ᠶᠢᠨ ᠨᠤᠨᠳᠠᠭ ᠢᠶᠠᠷ 1000 ᠳᠠᠬᠢᠨ ᠤᠰᠤ ᠬᠤᠯᠢᠵᠤ 1-2 ᠤᠳᠠᠭ᠎ᠠ ᠰᠦᠷᠴᠢᠵᠦ᠂ 5-7 ᠡᠳᠦᠷ ᠠᠯᠤᠰᠯᠠᠨ᠎ᠠ᠃ ᠲᠠᠪᠠᠭ ᠰᠢᠷᠣᠢ ᠶᠢᠨ pH | ᠬᠡᠮᠵᠢᠭᠳᠡᠯ ᠳᠡᠭᠡᠭᠰᠢᠯᠡᠭᠡᠳ 6.5 ᠪᠣᠯᠬᠤ ᠦᠶ᠎ᠡ ᠳᠤ᠂ ᠨᠢᠭᠡ ᠤᠳᠠᠭ᠎ᠠ pH ᠬᠡᠮᠵᠢᠭᠳᠡᠯ ᠨᠢ 2 ᠬᠦᠴᠢᠯᠵᠢᠭᠰᠡᠨ ᠤᠰᠤ ᠶᠢ ᠤᠰᠤᠯᠠᠪᠠᠯ᠂ ᠲᠠᠪᠠᠭ ᠪᠦᠷᠢ ᠨᠢ 1 | ᠺᠢᠯᠣᠭ᠍ᠷᠠᠮ ᠪᠠᠶᠢᠵᠤ᠂ ᠲᠠᠪᠠᠭ ᠰᠢᠷᠣᠢ ᠶᠢᠨ pH ᠬᠡᠮᠵᠢᠭᠳᠡᠯ ᠢ ᠪᠠᠭᠤᠷᠠᠭᠤᠯᠤᠭᠠᠳ 5.5 ᠪᠣᠯᠭᠠᠨ᠎ᠠ᠃ 2-3 ᠨᠠᠪᠴᠢ ᠶᠢᠨ ᠬᠤᠭᠤᠴᠠᠭᠠᠨ ᠤ ᠬᠦᠯᠡᠮᠵᠢ ᠶᠢᠨ | ᠳᠤᠯᠠᠭᠠᠨ ᠤ ᠬᠡᠮᠵᠢᠶ᠎ᠡ ᠶᠢ 20-22℃ ᠲᠤ ᠬᠢᠵᠠᠭᠠᠷᠯᠠᠨ᠎ᠠ᠂ ᠪᠤᠰᠤᠳ ᠮᠡᠷᠭᠡᠵᠢᠯ ᠢ ᠡᠮᠦᠨᠡᠬᠢ ᠨᠢᠭᠡ ᠬᠠᠮᠢᠶᠠᠷᠤᠯᠲᠠ ᠶᠢᠨ ᠱᠠᠲᠤᠨ ᠤ ᠠᠭᠤᠯᠭ᠎ᠠ ᠪᠠᠷ | ᠶᠠᠪᠤᠭᠳᠠᠭᠤᠯᠤᠨ᠎ᠠ᠂ 3 ᠨᠠᠪᠴᠢ ᠶᠢ ᠲᠠᠯᠠᠭᠠᠷ ᠤᠷᠭᠤᠭᠤᠯᠬᠤ ᠦᠭᠡᠢ᠂ ᠦᠨᠳᠦᠰᠦ ᠶᠢᠨ ᠰᠢᠰᠲ᠋ᠧᠮ ᠢ ᠰᠠᠶᠢᠲᠤᠷ ᠣᠷᠢᠶᠠᠯᠳᠤᠭᠤᠯᠤᠨ ᠵᠠᠩᠬᠢᠳᠣᠭᠤᠯᠤᠨᠠ᠃ ᠴᠢᠬᠢ | ᠰᠠᠭᠤᠯᠭᠠᠭᠰᠠᠨ ᠤ ᠳᠠᠷᠠᠭ᠎ᠠ ᠨᠠᠪᠴᠢᠨ ᠤ ᠳᠠᠯᠳᠠ ᠢᠯᠠᠭ᠎ᠠ ᠡᠭᠦᠰᠬᠦ ᠠᠴᠠ ᠰᠡᠷᠭᠡᠶᠢᠯᠡᠬᠦ ᠶᠢᠨ ᠲᠥᠯᠥᠭᠡ᠂ ᠴᠢᠬᠢ ᠶᠢ ᠣᠷᠣ ᠠᠴᠠ ᠪᠠᠨ ᠭᠠᠷᠬᠤ ᠠᠴᠠ ᠡᠮᠦᠨ᠎ᠡ 2-3 | ᠡᠳᠦᠷ ᠲᠤ 10% ᠶᠢᠨ ᠫᠢᠷᠤᠽᠤᠯᠢᠨ ᠴᠢᠭᠢᠭᠲᠦᠭᠦᠯᠬᠦ ᠨᠤᠨᠳᠠᠭ ᠡᠮ ᠢ 2 ᠭᠷᠡᠮ᠂ 6 ᠺᠢᠯᠣᠭ᠍ᠷᠠᠮ ᠤᠰᠤ ᠬᠤᠯᠢᠵᠤ 500 ᠲᠠᠪᠠᠭ ᠰᠦᠷᠴᠢᠨ᠎ᠡ᠃ ᠲᠠᠷᠠᠭᠠᠴᠢ ᠶᠢᠨ | ᠬᠡᠰᠡᠭ ᠬᠤᠭᠤᠴᠠᠭᠠᠨ ᠳᠤ᠂ ᠤᠰᠤᠨ ᠲᠤᠲᠤᠷᠭ᠎ᠠ ᠶᠢᠨ ᠬᠤᠪᠠᠭ᠋ᠠᠶᠢᠷᠠᠬᠤ ᠡᠪᠡᠳᠴᠢᠨ ᠮᠥᠨ ᠬᠦ ᠡᠭᠦᠰᠬᠦ ᠪᠠ ᠳᠡᠯᠭᠡᠷᠡᠬᠦ ᠲᠦᠭᠰᠢᠭᠦᠷᠢ ᠲᠠᠢ ᠪᠠᠶᠢᠪᠠᠯ᠂ ᠡᠯ᠎ᠡ ᠬᠤᠰᠢᠭᠤ | ᠰᠢᠶᠠᠨ ᠬᠤᠳᠠ ᠶᠢᠨ ᠤᠷᠭᠤᠮᠠᠯ ᠢ ᠬᠠᠮᠠᠭᠠᠯᠠᠬᠤ ᠮᠡᠷᠭᠡᠵᠢᠯ ᠤᠨ ᠠᠵᠢᠯᠲᠠᠳ ᠲᠤᠲᠤᠷᠭ᠎ᠠ ᠶᠢᠨ ᠲᠠᠷᠢᠶᠠᠴᠢᠳ ᠢ ᠴᠠᠭ ᠲᠤᠬᠠᠢ ᠳᠤᠨᠢ ᠵᠢᠭᠠᠨ ᠵᠢᠯᠤᠭᠤᠳᠴᠤ | ᠤᠷᠢᠳᠴᠢᠯᠠᠨ ᠰᠡᠷᠭᠡᠶᠢᠯᠡᠬᠦ ᠠᠵᠢᠯ ᠢ ᠨᠢ ᠰᠠᠶᠢᠲᠤᠷ ᠬᠢᠯᠭᠡᠵᠦ᠂ ᠲᠠᠷᠢᠶᠠᠴᠢᠳ ᠢ ᠵᠣᠬᠢᠶᠠᠨ ᠪᠠᠶᠢᠭᠤᠯᠤᠨ ᠴᠢᠬᠢ ᠶᠢᠨ ᠬᠡᠪᠲᠡᠰᠢ ᠶᠢᠨ ᠬᠠᠮᠢᠶᠠᠷᠤᠯᠲᠠ ᠶᠢ ᠴᠢᠩᠭᠠᠳᠬᠠᠨ᠂ | ᠰᠠᠯᠬᠢ ᠨᠡᠪᠲᠡᠷᠡᠭᠦᠯᠦᠨ ᠴᠢᠬᠢ ᠶᠢ ᠪᠣᠯᠪᠠᠰᠤᠷᠠᠭᠤᠯᠬᠤ ᠠᠵᠢᠯ ᠢ ᠰᠠᠶᠢᠲᠤᠷ ᠬᠢᠵᠦ᠂ ᠴᠢᠬᠢ ᠶᠢᠨ ᠳᠠᠭᠠᠭᠠᠮᠠᠭᠠᠢ ᠴᠢᠨᠠᠷ ᠢ ᠳᠡᠭᠡᠭᠰᠢᠯᠡᠭᠦᠯᠦᠨ᠂ ᠭᠤᠣᠯ ᠡᠪᠡᠳᠴᠢᠨ ᠤ | ᠰᠠᠭᠤᠷᠢ ᠡᠭᠦᠰᠪᠡᠯ ᠳᠠᠷᠦ᠋ᠢᠬᠠᠨ ᠰᠡᠷᠭᠡᠶᠢᠯᠡᠨ ᠵᠠᠰᠠᠵᠤ᠂ ᠨᠢᠭᠡᠨᠲᠡ ᠡᠪᠡᠳᠴᠢᠯᠡᠭᠰᠡᠨ ᠴᠢᠬᠢ ᠶᠢᠨ ᠬᠡᠪᠲᠡᠰᠢ ᠳᠤ ᠴᠠᠭ ᠲᠤᠬᠠᠢ ᠳᠤᠨᠢ ᠡᠮ ᠨᠠᠶᠢᠷᠠᠯᠭ᠎ᠠ ᠪᠠᠷ ᠰᠡᠷᠭᠡᠶᠢᠯᠡᠨ | ᠵᠠᠰᠠᠵᠤ᠂ ᠡᠪᠡᠳᠴᠢᠨ ᠤ ᠪᠠᠶᠢᠳᠠᠯ ᠤᠨ ᠬᠥᠭᠵᠢᠯᠲᠡ ᠶᠢ ᠬᠢᠵᠠᠭᠠᠷᠯᠠᠬᠤ ᠬᠡᠷᠡᠭᠲᠡᠢ᠃ | | |