| ᠨᠢᠭᠡ᠂ ᠪᠣᠷᠳᠣᠭᠤᠷ ᠣᠷᠣᠭᠤᠯᠬᠤ ᠳᠤ ᠣᠷᠣᠰᠢᠵᠤ ᠪᠠᠶᠢᠭ᠎ᠠ ᠠᠰᠠᠭᠤᠳᠠᠯ ᠪᠠ ᠪᠣᠷᠳᠣᠭᠤᠷ ᠣᠷᠣᠭᠤᠯᠬᠤ ᠵᠠᠷᠴᠢᠮ ᠰᠠᠭᠠᠭ ᠲᠤ ᠣᠷᠭᠠᠨᠢᠭ ᠪᠣᠷᠳᠣᠭᠤᠷ ᠢ | ᠭᠡᠷᠡᠭᠯᠡᠭᠰᠡᠨ ᠨᠢ ᠳᠤᠳᠠᠮᠠᠭ᠂ ᠴᠢᠨᠠᠭᠰᠢᠯᠠᠪᠠᠯ ᠣᠷᠭᠠᠨᠢᠭ ᠪᠣᠷᠳᠣᠭᠤᠷ ᠢ ᠬᠡᠷᠡᠭᠯᠡᠬᠦ ᠦᠭᠡᠢ᠂ ᠠᠽᠣᠲ ᠪᠣᠷᠳᠣᠭᠤᠷ ᠢ ᠶᠡᠭᠡ ᠬᠡᠮᠵᠢᠶ᠎ᠡ ᠪᠠᠷ ᠬᠡᠷᠡᠭᠯᠡᠬᠦ᠂ ᠺᠠᠯᠢ ᠶᠢᠨ | ᠪᠣᠷᠳᠣᠭᠤᠷ ᠢ ᠦᠨᠳᠦᠰᠦᠨ ᠳᠤ ᠪᠠᠨ ᠬᠡᠷᠡᠭᠯᠡᠬᠦ ᠦᠭᠡᠢ ᠵᠡᠷᠭᠡ ᠭᠤᠣᠯ ᠠᠰᠠᠭᠤᠳᠠᠯ ᠳᠤ ᠴᠢᠭᠯᠡᠭᠦᠯᠦᠨ᠂ ᠶᠡᠷᠦᠩᠬᠡᠢ ᠳᠤ ᠨᠢ ᠪᠣᠷᠳᠣᠭᠤᠷ ᠣᠷᠣᠭᠤᠯᠬᠤ ᠲᠠᠯ᠎ᠠ ᠪᠠᠷ | ᠳᠣᠣᠷᠠᠬᠢ ᠵᠠᠷᠴᠢᠮ ᠤᠳ ᠢ ᠳᠤᠷᠠᠳᠪᠠ᠄ | 1. ᠰᠠᠭᠤᠷᠢ ᠪᠣᠷᠳᠣᠭᠤᠷ ᠣᠷᠣᠭᠤᠯᠬᠤ ᠬᠠᠷᠢᠴᠠᠯ ᠢ ᠨᠡᠮᠡᠭᠳᠡᠭᠦᠯᠵᠦ᠂ ᠮᠦ ᠪᠦᠷᠢ ᠳᠤ 1000~2000 ᠺᠢᠯᠣᠭ᠍ᠷᠠᠮ ᠣᠷᠣᠭᠤᠯᠪᠠᠯ ᠵᠣᠬᠢᠨ᠎ᠠ︔ | 2. ᠬᠥᠷᠥᠰᠥ ᠰᠢᠷᠣᠢ ᠶᠢᠨ ᠥᠩ ᠰᠢᠮ᠎ᠡ ᠶᠢᠨ ᠨᠥᠬᠦᠴᠡᠯ ᠢ ᠦᠨᠳᠦᠰᠦᠯᠡᠨ᠂ ᠠᠽᠣᠲ ᠪᠣᠷᠳᠣᠭᠤᠷ ᠬᠡᠷᠡᠭᠯᠡᠬᠦ ᠬᠡᠮᠵᠢᠶ᠎ᠡ ᠶᠢ ᠵᠣᠬᠢᠰᠲᠠᠢ ᠪᠠᠷ ᠲᠣᠬᠢᠷᠠᠭᠤᠯᠤᠨ | ᠪᠠᠭᠠᠰᠬᠠᠵᠤ᠂ ᠺᠠᠯᠢ ᠪᠣᠷᠳᠣᠭᠤᠷ ᠣᠷᠣᠭᠤᠯᠤᠨ᠎ᠠ᠃ | ᠬᠤᠶᠠᠷ᠂ ᠪᠣᠷᠳᠣᠭᠤᠷ ᠣᠷᠣᠭᠤᠯᠬᠤ ᠰᠠᠨᠠᠭᠤᠯᠭ᠎ᠠ ︵ᠳᠣᠣᠷ᠎ᠠ ᠳᠤᠷᠠᠳᠤᠭᠰᠠᠨ ᠪᠣᠷᠳᠣᠭᠤᠷ ᠣᠷᠣᠭᠤᠯᠬᠤ ᠬᠡᠮᠵᠢᠶ᠎ᠡ ᠶᠢ ᠴᠥᠮ ᠴᠡᠪᠡᠷ ᠬᠡᠮᠵᠢᠶ᠎ᠡ ᠪᠠᠷ | ᠪᠠᠶᠢᠯᠭᠠᠬᠤ ᠪᠠᠷ ᠰᠠᠨᠠᠭᠤᠯᠤᠶ᠎ᠠ︶ 1. ᠮᠦ ᠪᠦᠷᠢ ᠳᠤ 100~150 ᠺᠢᠯᠣᠭ᠍ᠷᠠᠮ ᠤᠨᠠᠯᠳᠠ ᠲᠠᠢ ᠰᠠᠭᠠᠭ ᠤᠨ ᠳᠠᠷᠢᠶᠠᠨ ᠭᠠᠵᠠᠷ ᠲᠤ᠂ ᠠᠽᠣᠲ ᠪᠣᠷᠳᠣᠭᠤᠷ ︵N︶ | 4~7 ᠺᠢᠯᠣᠭ᠍ᠷᠠᠮ᠂ ᠹᠣᠰᠹᠣᠷ ᠪᠣᠷᠳᠣᠭᠤᠷ ︵P2O5︶ 1~5 ᠺᠢᠯᠣᠭ᠍ᠷᠠᠮ᠂ ᠺᠠᠯᠢ ᠪᠣᠷᠳᠣᠭᠤᠷ ︵K2O︶ 1~3 ᠺᠢᠯᠣᠭ᠍ᠷᠠᠮ ᠭᠡᠷᠡᠭᠯᠡᠵᠦ ᠪᠤᠯᠤᠨ᠎ᠠ᠃ 2. | ᠰᠠᠭᠠᠭ ᠤᠨ ᠤᠨᠠᠯᠳᠠ ᠨᠢ ᠬᠡᠷᠪᠡ ᠮᠦ ᠪᠦᠷᠢ ᠳᠤ 150 ᠺᠢᠯᠣᠭ᠍ᠷᠠᠮ ᠠᠴᠠ ᠳᠡᠭᠡᠭᠰᠢ ᠪᠠᠶᠢᠪᠠᠯ ᠠᠽᠣᠲ ᠪᠣᠷᠳᠣᠭᠤᠷ ︵N︶ 7~10 ᠺᠢᠯᠣᠭ᠍ᠷᠠᠮ᠂ ᠹᠣᠰᠹᠣᠷ | ᠪᠣᠷᠳᠣᠭᠤᠷ ︵P2O5︶ 5~7 ᠺᠢᠯᠣᠭ᠍ᠷᠠᠮ᠂ ᠺᠠᠯᠢ ᠶᠢᠨ ᠪᠣᠷᠳᠣᠭᠤᠷ ︵K2O︶ 3~4 ᠺᠢᠯᠣᠭ᠍ᠷᠠᠮ ᠭᠡᠷᠡᠭᠯᠡᠵᠦ ᠪᠤᠯᠤᠨ᠎ᠠ᠃ ᠴᠡᠪᠡᠷ ᠬᠡᠮᠵᠢᠶ᠎ᠡ ᠶᠢ ᠰᠣᠯᠢᠵᠤ | ᠪᠤᠳᠤᠬᠤ ᠠᠷᠭ᠎ᠠ ᠶᠢ ᠡᠷᠳᠡᠨᠢ ᠰᠢᠰᠢ ᠶᠢᠨ ᠪᠣᠷᠳᠣᠭᠤᠷ ᠣᠷᠣᠭᠤᠯᠬᠤ ᠬᠡᠮᠵᠢᠶ᠎ᠡ ᠶᠢ ᠰᠣᠯᠢᠵᠤ ᠪᠤᠳᠤᠬᠤ ᠠᠷᠭ᠎ᠠ ᠪᠠᠷ ᠯᠠᠪᠯᠠᠯᠲᠠ ᠪᠣᠯᠭᠠᠨ᠎ᠠ᠃ | |