| ᠲᠤᠮᠳᠠᠳᠤ ᠤᠯᠤᠰ ᠤᠨ ᠡᠷᠳᠡᠨ ᠤ ᠲᠡᠮᠦᠷᠯᠢᠭ ᠵᠤᠭᠤᠰ ᠤᠨ ᠲᠡᠤᠬᠡᠨ ᠤᠯᠪᠠᠭ᠎ᠠ ᠶᠢ ᠬᠠᠶᠢᠪᠠᠯ᠂ ᠲᠡᠮᠦᠷᠯᠢᠭ ᠵᠤᠭᠤᠰ ᠨᠢ ᠪᠠᠷᠠᠭ᠎ᠠ ᠲᠠᠸᠠᠷ ᠤᠨ ᠰᠤᠯᠢᠯᠴᠠᠭᠠᠨ ᠤ | ᠬᠡᠷᠡᠭᠴᠡᠭᠡ ᠶᠢᠨ ᠪᠦᠳᠦᠬᠡᠭᠳᠡᠬᠦᠨ ᠪᠠᠶᠢᠵᠦ᠂ ᠰᠢᠶᠠ ᠤᠯᠤᠰ ᠠᠴᠠ ᠡᠬᠢᠯᠡᠨ ᠰᠤᠶᠤᠭᠠᠯᠠᠵᠦ᠂ ᠶᠢᠨ ᠱᠠᠩ ᠤᠨ ᠦᠶ᠎ᠠ ᠳᠤ ᠡᠬᠦᠰᠦᠨ᠂ ᠵᠡᠬᠦᠨ ᠵᠸᠤ ᠤᠯᠤᠰ ᠤᠨ | ᠦᠶ᠎ᠠ ᠳᠤ ᠬᠦᠭᠵᠢᠵᠦ᠂ ᠴᠢᠨ ᠤᠯᠤᠰ ᠤᠨ ᠦᠶ᠎ᠠ ᠳᠤ ᠤᠯᠤᠰ ᠲᠦᠷᠦ ᠶᠢᠨ ᠨᠤᠶᠠᠷᠬᠠᠯ ᠢᠶᠠᠨ ᠪᠠᠳᠤᠳᠬᠠᠵᠦ ᠹᠸᠤᠳᠠᠯ ᠤᠨ ᠠᠵᠤ ᠠᠬᠤᠢ ᠶᠢ ᠬᠦᠭᠵᠢᠬᠦᠯᠬᠦ | ᠵᠤᠷᠢᠯᠭ᠎ᠠ ᠠᠴᠠ ᠲᠡᠮᠦᠷᠯᠢᠭ ᠵᠤᠭᠤᠰ ᠤᠨ ᠲᠦᠷᠦ ᠶᠢᠨ ᠪᠤᠳᠤᠯᠭ᠎ᠠ ᠶᠢ ᠨᠢᠬᠡᠳᠬᠡᠭᠰᠡᠨ ᠪᠠᠶᠢᠵᠡᠢ᠃ ᠲᠡᠮᠦᠷᠯᠢᠭ ᠵᠤᠭᠤᠰ ᠲᠦᠷᠪᠡᠨ ᠮᠢᠩᠭᠠᠨ ᠵᠢᠯ ᠤᠨ ᠤᠷᠳᠤ ᠤᠳᠠᠭᠠᠨ | ᠲᠡᠤᠬᠡᠨ ᠬᠦᠭᠵᠢᠯᠳᠠ ᠶᠢᠨ ᠶᠠᠪᠤᠴᠠ ᠶᠢ ᠦᠡᠭᠬᠡᠷᠡᠬᠡᠵᠤ᠂ ᠪᠦᠷᠢᠨ ᠪᠦᠳᠦᠨ ᠲᠤᠬᠳᠠᠯᠴᠠᠭ᠎ᠠ ᠲᠠᠢ᠂ ᠲᠦᠷᠦᠯ ᠵᠦᠢᠯ ᠢᠶᠠᠷ ᠤᠯᠠᠨ᠂ ᠦᠷᠬᠡᠨ ᠲᠡᠯᠬᠡᠷ ᠠᠭᠤᠯᠬᠤᠨ ᠲᠠᠢ | ᠂ ᠡᠬᠦᠰᠬᠡᠯ ᠲᠡᠬᠦᠰᠬᠡᠯ ᠨᠢ ᠲᠤᠳᠤᠷᠬᠠᠢ ᠪᠤᠯᠵᠤ᠂ ᠲᠤᠮᠳᠠᠳᠤ ᠤᠯᠤᠰ ᠴᠤ ᠲᠡᠯᠡᠬᠡᠢ ᠲᠡᠭᠡᠷ᠎ᠠ ᠬᠠᠮᠤᠭ ᠤᠨ ᠡᠷᠳᠡ ᠴᠢᠳᠬᠤᠮᠠᠯ ᠵᠤᠭᠤᠰ ᠬᠡᠷᠡᠭᠯᠡᠭᠰᠡᠨ ᠤᠯᠤᠰ ᠬᠡᠬᠦ | ᠨᠡᠷ᠎ᠠ ᠠᠯᠳᠠᠷ ᠮᠠᠨᠳᠤᠵᠦ᠂ ᠲᠡᠮᠦᠷᠯᠢᠭ ᠵᠤᠭᠤᠰ ᠤᠳ ᠨᠢ ᠲᠠᠯᠠᠨ ᠬᠡᠳᠦᠨ ᠲᠦᠷᠦᠯ ᠤᠨ ᠲᠡᠯᠡᠬᠡᠢ ᠶᠢᠨ ᠬᠠᠮᠤᠭ ᠤᠳ ᠢ ᠡᠬᠦᠳᠴᠡᠢ᠃ | | | | | ᠲᠡᠮᠦᠷᠯᠢᠭ ᠵᠤᠭᠤᠰ ᠨᠢ ᠴᠢᠨ ᠤᠯᠤᠰ ᠤᠨ ᠦᠶ᠎ᠠ ᠳᠤ ᠨᠢᠬᠡᠳᠬᠡᠭᠳᠡᠬᠦ ᠳᠡᠭᠡᠨ᠂ ᠬᠠᠭᠠᠰ ᠯᠠᠩ ᠢᠶᠠᠷ ᠨᠢᠬᠡᠴᠢ ᠪᠤᠯᠭᠠᠵᠦ᠂ ᠲᠦᠷᠪᠡᠯᠵᠢᠨ ᠨᠦᠬᠡ ᠲᠠᠢ | ᠲᠦᠬᠦᠷᠢᠭ ᠵᠤᠭᠤᠰ ᠨᠢ ᠬᠦᠢᠯᠬᠡᠬᠡᠨ ᠳᠤ ᠭᠤᠤᠯᠯᠠᠨ ᠬᠡᠷᠡᠭᠯᠡᠭᠳᠡᠵᠦ᠂ ᠮᠢᠩ ᠤᠯᠤᠰ ᠤᠨ ᠡᠬᠢᠨ ᠤ ᠦᠶ᠎ᠠ ᠪᠤᠯᠳᠠᠯ᠎ᠠ ᠬᠡᠷᠡᠭᠯᠡᠭᠳᠡᠵᠡᠢ᠃ ᠶᠤᠸᠡᠨ ᠤᠯᠤᠰ ᠤᠨ | ᠦᠶ᠎ᠠ ᠳᠤ ᠬᠤᠪᠢᠯᠠᠢ ᠬᠠᠭᠠᠨ ᠤ ᠵᠠᠷᠯᠢᠭ ᠢᠶᠠᠷ᠂ ᠤᠯᠤᠰ ᠤᠨ ᠪᠠᠭᠰᠢ ᠫᠠᠭᠪᠠ ᠯᠠᠮᠠ ᠲᠦᠷᠪᠡᠯᠵᠢᠨ ᠦᠰᠦᠭ ᠢ ᠵᠤᠬᠢᠶᠠᠵᠦ 1269 ᠤᠨ ᠠᠴᠠ ᠡᠬᠢᠯᠡᠨ | ᠲᠤᠩᠬᠠᠬᠯᠠᠵᠦ ᠬᠡᠷᠡᠭᠯᠡᠵᠡᠢ᠃ 1269 ᠠᠴᠠ 1368 ᠤᠨ ᠪᠤᠯᠳᠡᠯ᠎ᠠ ᠲᠦᠷᠪᠡᠯᠵᠢᠨ ᠦᠰᠦᠭ ᠢ ᠲᠤᠵᠢ ᠠᠯᠪᠠᠨ ᠪᠢᠴᠢᠭ ᠢᠶᠠᠷ ᠬᠡᠷᠡᠭᠯᠡᠨ᠂ ᠨᠡᠯᠢᠶᠡᠳ ᠤᠯᠠᠨ | ᠲᠦᠷᠪᠡᠯᠵᠢᠨ ᠦᠰᠦᠭ ᠤᠨ ᠮᠤᠩᠭᠤᠯ ᠬᠡᠯᠡᠨ ᠤ ᠬᠦᠰᠢᠶᠠᠨ ᠤ ᠪᠢᠴᠢᠭ᠂ ᠲᠠᠮᠠᠭ᠎ᠠ ᠶᠢᠨ ᠪᠢᠴᠢᠭ᠂ ᠫᠠᠶᠢᠰᠠ ᠲᠡᠮᠳᠡᠭ᠂ ᠲᠡᠮᠦᠷᠯᠢᠭ ᠵᠤᠭᠤᠰ ᠵᠡᠷᠬᠡ ᠵᠦᠢᠯ ᠢ ᠡᠬᠦᠳᠦᠨ | ᠪᠦᠳᠦᠬᠡᠵᠦ ᠬᠤᠶᠢᠴᠢ ᠦᠶ᠎ᠠ ᠳᠡᠭᠡᠨ ᠦᠯᠡᠳᠡᠬᠡᠵᠡᠢ᠃ ᠫᠠᠭᠪᠠ ᠶᠢᠨ ᠲᠦᠷᠪᠡᠯᠵᠢᠨ ᠦᠰᠦᠭᠳᠤ ᠵᠤᠭᠤᠰ ᠢ ᠴᠢᠳᠬᠤᠵᠦ ᠬᠦᠢᠯᠬᠡᠬᠡᠨ ᠳᠤ ᠤᠷᠤᠭᠤᠯᠤᠨ ᠬᠡᠷᠡᠭᠯᠡᠵᠦ | ᠪᠠᠶᠢᠬᠰᠠᠨ ᠢ ᠬᠡᠷᠡᠴᠢᠯᠡᠵᠦ ᠪᠤᠯᠬᠤ ᠦᠨᠡᠳᠤ ᠲᠤᠷᠠᠰᠬᠠᠯᠳᠤ ᠵᠦᠢᠯ ᠤᠨ ᠨᠢᠬᠡ ᠪᠤᠯᠬᠤ ᠫᠠᠭᠪᠠ ᠶᠢᠨ ᠲᠦᠷᠪᠡᠯᠵᠢᠨ ᠦᠰᠦᠭᠳᠤ 11 ᠬᠡᠰᠡᠭ ᠵᠤᠭᠤᠰ ᠤᠳᠤᠬᠠᠨ ᠳᠤ | ᠤᠳᠤᠭ ᠬᠤᠰᠢᠭᠤᠨ ᠤ ᠮᠦᠽᠸᠢ ᠳᠤ ᠬᠠᠳᠠᠭᠠᠯᠠᠬᠳᠠᠵᠦ ᠪᠤᠢ᠃ | | | | | ᠡᠳᠡᠬᠡᠷ ᠲᠦᠬᠦᠷᠢᠭ ᠲᠡᠮᠦᠷᠯᠢᠭ ᠵᠤᠭᠤᠰ ᠨᠢ ᠲᠦᠷᠪᠡᠯᠵᠢᠨ ᠨᠦᠬᠡ ᠲᠠᠢ᠃ ᠨᠢᠭᠤᠷ ᠲᠠᠯ᠎ᠠ ᠲᠡᠬᠡᠷᠡᠬᠢ ᠲᠦᠷᠪᠡᠯᠵᠢᠨ ᠦᠰᠦᠭ ᠢ ᠬᠠᠮᠢᠶ᠎ᠠ ᠪᠦᠬᠦᠢ | ᠮᠠᠲ᠋ᠧᠷᠢᠶᠠᠯ ᠢ ᠦᠨᠳᠦᠰᠦᠯᠡᠨ ᠲᠦᠬᠦᠮᠬᠡᠨ ᠦᠢᠯᠠᠭᠠᠬᠰᠠᠨ ᠢᠶᠠᠷ᠂ ᠲᠡᠭᠡᠷ᠎ᠠ ᠠᠴᠠ ᠲᠤᠷᠤᠬᠰᠢ᠂ ᠵᠡᠬᠦᠨ ᠠᠴᠠ ᠪᠠᠷᠠᠭᠤᠨᠰᠢ ᠪᠠᠨ ᠤᠡᠭᠰᠢᠪᠡᠯ ︽ᠳ᠋ᠠ ᠶᠤᠸᠡᠨ ᠲᠦᠡᠭ | ᠪᠤᠤ 大元通宝- dj yjen tung bv︾ ᠬᠡᠮᠡᠬᠦ ᠲᠦᠷᠪᠡᠯᠵᠢᠨ ᠦᠰᠦᠭ ᠪᠤᠯᠤᠨ᠎ᠠ᠃ ᠲᠦᠷᠪᠡᠯᠵᠢᠨ ᠦᠰᠦᠭ ᠢ ᠲᠡᠮᠦᠷᠯᠢᠭ ᠲᠡᠭᠡᠷ᠎ᠠ ᠬᠦᠨ | ᠰᠡᠶᠢᠯᠦᠭᠰᠡᠨ ᠢᠶᠠᠷ ᠮᠠᠰᠢ ᠲᠤᠳᠤᠷᠬᠠᠢ ᠬᠠᠷᠠᠬᠳᠠᠵᠦ᠂ ᠳ᠋ᠢᠶᠠᠮᠧᠲᠷ ᠨᠢ 3.9 ᠰᠡᠨᠲ᠋ᠢᠮᠧᠲᠷ᠂ ᠬᠦᠨᠳᠤ ᠨᠢ 18.4 ᠭᠷᠡᠮ ᠤᠷᠴᠢᠮ ᠪᠤᠢ᠃ ᠨᠢᠭᠤᠷ ᠲᠠᠯ᠎ᠠ ᠲᠡᠬᠡᠷᠡᠬᠢ | ᠵᠢᠪᠠ ᠪᠤᠯ ᠰᠢᠷᠤᠢ᠂ ᠺᠠᠯᠼ ᠮᠠᠭᠨᠢ ᠳᠠᠪᠤᠰᠤ ᠶᠢᠨ ᠬᠤᠯᠢᠮᠠᠭ ᠡᠳ᠋ ᠮᠥᠨ᠃ ᠲᠡᠮᠦᠷᠯᠢᠭ ᠵᠤᠭᠤᠰ ᠨᠢ ᠴᠢᠨᠠᠷ ᠰᠠᠶᠢᠲᠠᠢ᠂ ᠨᠠᠷᠢᠨ ᠬᠠᠲᠠᠭᠤ᠂ ᠬᠡᠪ ᠨᠠᠮᠪᠠ ᠨᠢ ᠲᠥᠪ | ᠶᠡᠬᠡᠮᠰᠦᠭ᠂ ᠦᠰᠦᠭ ᠤᠨ ᠲᠢᠭ ᠨᠢ ᠲᠡᠭᠰᠢ ᠰᠢᠯᠤᠭᠤᠨ᠂ ᠢᠳᠡ ᠲᠤᠷᠪᠢ ᠲᠠᠢ ᠬᠠᠷᠠᠬᠳᠠᠵᠦ᠂ ᠴᠦᠬᠡᠨ ᠲᠤᠭ᠎ᠠ ᠲᠠᠢ ᠬᠠᠳᠠᠭᠠᠯᠠᠬᠳᠠᠵᠦ ᠪᠠᠶᠢᠭ᠎ᠠ ᠡᠷᠳᠡᠨ ᠤ ᠦᠨᠡᠳᠤ | ᠲᠡᠮᠦᠷᠯᠢᠭ ᠵᠤᠭᠤᠰ ᠪᠤᠯᠤᠨ᠎ᠠ᠃ ᠳ᠋ᠠ ᠶᠤᠸᠡᠨ ᠲᠦᠡᠭ ᠪᠤᠤ ᠶᠢ ᠬᠠᠶᠢᠰᠠᠨ ᠬᠦᠯᠦᠭ ᠬᠠᠭᠠᠨ 1309 ᠤᠨ ᠠᠴᠠ ᠡᠬᠢᠯᠡᠨ ᠲᠦᠷᠪᠡᠯᠵᠢᠨ ᠦᠰᠦᠭ ᠪᠠ ᠬᠢᠲᠠᠳ | ᠪᠢᠴᠢᠭ ᠢᠶᠠᠷ ᠴᠢᠳᠬᠤᠵᠦ᠂ ᠠᠷᠪᠠᠨ ᠶᠡᠭᠡ ᠵᠤᠭᠤᠰ ᠢᠶᠠᠷ ᠨᠤᠭᠤᠯᠵᠤ ᠪᠤᠳᠤᠳᠠᠭ ᠪᠠᠶᠢᠪᠠ᠃ ᠳ᠋ᠠ ᠶᠤᠸᠠᠨ ᠲᠥᠡᠭ ᠪᠤᠤ ᠲᠡᠮᠦᠷᠯᠢᠭ ᠵᠤᠭᠤᠰ ᠨᠢ ᠶᠤᠸᠠᠨ ᠤᠯᠤᠰ ᠤᠨ | ᠵᠤᠭᠤᠰ ᠤᠨ ᠲᠥᠷᠢᠮ ᠲᠤᠭᠳᠠᠪᠤᠷᠢᠵᠢᠭᠰᠠᠨ ᠤ ᠲᠠᠷᠠᠭᠠᠬᠢ ᠲᠥᠯᠤᠭᠡᠯᠡᠭᠦ ᠪᠥᠳᠤᠭᠡᠯ ᠪᠠᠶᠢᠵᠤ᠂ ᠠᠷᠠᠯᠵᠢᠶ᠎ᠠ ᠬᠤᠳᠠᠯᠳᠤᠭᠠᠨ ᠤ ᠤᠶᠢᠯᠡᠰ ᠲᠤ ᠴᠢᠬᠤᠯᠠ ᠤᠶᠢᠯᠠᠳᠤᠯ | ᠥᠵᠡᠭᠦᠯᠵᠡᠢ᠃ ᠲᠡᠮᠦᠷᠯᠢᠭ ᠵᠤᠭᠤᠰ ᠲᠡᠭᠡᠷᠡᠬᠢ ᠲᠦᠷᠪᠡᠯᠵᠢᠨ ᠦᠰᠦᠭ ᠤᠨ ᠨᠠᠷᠢᠨ ᠵᠠᠳᠠᠯᠤᠯᠳᠠ ᠶᠢ ᠲᠤᠤᠷᠠᠬᠢ ᠵᠢᠷᠤᠭ ᠠᠴᠠ ᠦᠢᠯᠠᠭᠠᠵᠦ ᠪᠤᠯᠤᠨ᠎ᠠ᠃ | | | | | | | | | | ︵ᠵᠢᠷᠤᠭ ᠤᠳ ᠢ ᠤᠳᠤᠭ ᠬᠤᠰᠢᠭᠤᠨ ᠤ ᠮᠦᠽᠸᠢ ᠠᠴᠠ ᠬᠠᠨᠭ᠍ᠭᠠᠪᠠ︶ | | | | | |