ᠫᠠᠭᠪᠠ ᠶᠢᠨ ᠲᠦᠷᠪᠡᠯᠵᠢᠨ ᠦᠰᠦᠭᠳᠤ ᠵᠤᠭᠤᠰ
ᠨᠡᠶᠢᠲᠡᠯᠡᠭᠰᠡᠨ ᠴᠠᠭ᠄
2023/6/12
                                   ᠲᠤᠮᠳᠠᠳᠤ ᠤᠯᠤᠰ ᠤᠨ ᠡᠷᠳᠡᠨ ᠤ ᠲᠡᠮᠦᠷᠯᠢᠭ ᠵᠤᠭᠤᠰ ᠤᠨ ᠲᠡᠤᠬᠡᠨ ᠤᠯᠪᠠᠭ᠎ᠠ ᠶᠢ ᠬᠠᠶᠢᠪᠠᠯ᠂ ᠲᠡᠮᠦᠷᠯᠢᠭ ᠵᠤᠭᠤᠰ ᠨᠢ ᠪᠠᠷᠠᠭ᠎ᠠ ᠲᠠᠸᠠᠷ ᠤᠨ ᠰᠤᠯᠢᠯᠴᠠᠭᠠᠨ ᠤ ᠬᠡᠷᠡᠭᠴᠡᠭᠡ ᠶᠢᠨ ᠪᠦᠳᠦᠬᠡᠭᠳᠡᠬᠦᠨ ᠪᠠᠶᠢᠵᠦ᠂ ᠰᠢᠶᠠ ᠤᠯᠤᠰ ᠠᠴᠠ ᠡᠬᠢᠯᠡᠨ ᠰᠤᠶᠤᠭᠠᠯᠠᠵᠦ᠂  ᠶᠢᠨ ᠱᠠᠩ ᠤᠨ ᠦᠶ᠎ᠠ ᠳᠤ ᠡᠬᠦᠰᠦᠨ᠂ ᠵᠡᠬᠦᠨ ᠵᠸᠤ ᠤᠯᠤᠰ ᠤᠨ ᠦᠶ᠎ᠠ ᠳᠤ ᠬᠦᠭᠵᠢᠵᠦ᠂ ᠴᠢᠨ ᠤᠯᠤᠰ ᠤᠨ ᠦᠶ᠎ᠠ ᠳᠤ ᠤᠯᠤᠰ ᠲᠦᠷᠦ ᠶᠢᠨ ᠨᠤᠶᠠᠷᠬᠠᠯ ᠢᠶᠠᠨ ᠪᠠᠳᠤᠳᠬᠠᠵᠦ ᠹᠸᠤᠳᠠᠯ ᠤᠨ ᠠᠵᠤ ᠠᠬᠤᠢ ᠶᠢ ᠬᠦᠭᠵᠢᠬᠦᠯᠬᠦ ᠵᠤᠷᠢᠯᠭ᠎ᠠ ᠠᠴᠠ ᠲᠡᠮᠦᠷᠯᠢᠭ ᠵᠤᠭᠤᠰ ᠤᠨ ᠲᠦᠷᠦ ᠶᠢᠨ ᠪᠤᠳᠤᠯᠭ᠎ᠠ ᠶᠢ ᠨᠢᠬᠡᠳᠬᠡᠭᠰᠡᠨ ᠪᠠᠶᠢᠵᠡᠢ᠃ ᠲᠡᠮᠦᠷᠯᠢᠭ ᠵᠤᠭᠤᠰ ᠲᠦᠷᠪᠡᠨ ᠮᠢᠩᠭᠠᠨ ᠵᠢᠯ ᠤᠨ ᠤᠷᠳᠤ ᠤᠳᠠᠭᠠᠨ ᠲᠡᠤᠬᠡᠨ ᠬᠦᠭᠵᠢᠯᠳᠠ ᠶᠢᠨ ᠶᠠᠪᠤᠴᠠ ᠶᠢ ᠦᠡᠭᠬᠡᠷᠡᠬᠡᠵᠤ᠂ ᠪᠦᠷᠢᠨ ᠪᠦᠳᠦᠨ ᠲᠤᠬᠳᠠᠯᠴᠠᠭ᠎ᠠ ᠲᠠᠢ᠂ ᠲᠦᠷᠦᠯ ᠵᠦᠢᠯ ᠢᠶᠠᠷ ᠤᠯᠠᠨ᠂ ᠦᠷᠬᠡᠨ ᠲᠡᠯᠬᠡᠷ ᠠᠭᠤᠯᠬᠤᠨ ᠲᠠᠢ᠂ ᠡᠬᠦᠰᠬᠡᠯ ᠲᠡᠬᠦᠰᠬᠡᠯ ᠨᠢ ᠲᠤᠳᠤᠷᠬᠠᠢ ᠪᠤᠯᠵᠤ᠂ ᠲᠤᠮᠳᠠᠳᠤ ᠤᠯᠤᠰ ᠴᠤ ᠲᠡᠯᠡᠬᠡᠢ ᠲᠡᠭᠡᠷ᠎ᠠ ᠬᠠᠮᠤᠭ ᠤᠨ ᠡᠷᠳᠡ ᠴᠢᠳᠬᠤᠮᠠᠯ ᠵᠤᠭᠤᠰ ᠬᠡᠷᠡᠭᠯᠡᠭᠰᠡᠨ ᠤᠯᠤᠰ ᠬᠡᠬᠦ ᠨᠡᠷ᠎ᠠ ᠠᠯᠳᠠᠷ ᠮᠠᠨᠳᠤᠵᠦ᠂ ᠲᠡᠮᠦᠷᠯᠢᠭ ᠵᠤᠭᠤᠰ ᠤᠳ ᠨᠢ ᠲᠠᠯᠠᠨ ᠬᠡᠳᠦᠨ ᠲᠦᠷᠦᠯ ᠤᠨ ᠲᠡᠯᠡᠬᠡᠢ ᠶᠢᠨ ᠬᠠᠮᠤᠭ ᠤᠳ ᠢ ᠡᠬᠦᠳᠴᠡᠢ᠃  

6.9.1.png

        ᠲᠡᠮᠦᠷᠯᠢᠭ ᠵᠤᠭᠤᠰ ᠨᠢ ᠴᠢᠨ ᠤᠯᠤᠰ ᠤᠨ ᠦᠶ᠎ᠠ ᠳᠤ ᠨᠢᠬᠡᠳᠬᠡᠭᠳᠡᠬᠦ ᠳᠡᠭᠡᠨ᠂ ᠬᠠᠭᠠᠰ ᠯᠠᠩ ᠢᠶᠠᠷ ᠨᠢᠬᠡᠴᠢ ᠪᠤᠯᠭᠠᠵᠦ᠂ ᠲᠦᠷᠪᠡᠯᠵᠢᠨ ᠨᠦᠬᠡ ᠲᠠᠢ ᠲᠦᠬᠦᠷᠢᠭ

ᠵᠤᠭᠤᠰ ᠨᠢ ᠬᠦᠢᠯᠬᠡᠬᠡᠨ ᠳᠤ ᠭᠤᠤᠯᠯᠠᠨ ᠬᠡᠷᠡᠭᠯᠡᠭᠳᠡᠵᠦ᠂ ᠮᠢᠩ ᠤᠯᠤᠰ ᠤᠨ ᠡᠬᠢᠨ ᠤ ᠦᠶ᠎ᠠ ᠪᠤᠯᠳᠠᠯ᠎ᠠ ᠬᠡᠷᠡᠭᠯᠡᠭᠳᠡᠵᠡᠢ᠃ ᠶᠤᠸᠡᠨ ᠤᠯᠤᠰ ᠤᠨ ᠦᠶ᠎ᠠ ᠳᠤ ᠬᠤᠪᠢᠯᠠᠢ

ᠬᠠᠭᠠᠨ ᠤ ᠵᠠᠷᠯᠢᠭ ᠢᠶᠠᠷ᠂ ᠤᠯᠤᠰ ᠤᠨ ᠪᠠᠭᠰᠢ ᠫᠠᠭᠪᠠ ᠯᠠᠮᠠ ᠲᠦᠷᠪᠡᠯᠵᠢᠨ ᠦᠰᠦᠭ ᠢ ᠵᠤᠬᠢᠶᠠᠵᠦ 1269 ᠤᠨ ᠠᠴᠠ ᠡᠬᠢᠯᠡᠨ ᠲᠤᠩᠬᠠᠬᠯᠠᠵᠦ ᠬᠡᠷᠡᠭᠯᠡᠵᠡᠢ᠃

1269 ᠠᠴᠠ 1368 ᠤᠨ ᠪᠤᠯᠳᠡᠯ᠎ᠠ ᠲᠦᠷᠪᠡᠯᠵᠢᠨ ᠦᠰᠦᠭ ᠢ ᠲᠤᠵᠢ ᠠᠯᠪᠠᠨ ᠪᠢᠴᠢᠭ ᠢᠶᠠᠷ ᠬᠡᠷᠡᠭᠯᠡᠨ᠂ ᠨᠡᠯᠢᠶᠡᠳ ᠤᠯᠠᠨ ᠲᠦᠷᠪᠡᠯᠵᠢᠨ ᠦᠰᠦᠭ ᠤᠨ ᠮᠤᠩᠭᠤᠯ

ᠬᠡᠯᠡᠨ ᠤ ᠬᠦᠰᠢᠶᠠᠨ ᠤ ᠪᠢᠴᠢᠭ᠂ ᠲᠠᠮᠠᠭ᠎ᠠ ᠶᠢᠨ ᠪᠢᠴᠢᠭ᠂ ᠫᠠᠶᠢᠰᠠ ᠲᠡᠮᠳᠡᠭ᠂ ᠲᠡᠮᠦᠷᠯᠢᠭ ᠵᠤᠭᠤᠰ ᠵᠡᠷᠬᠡ ᠵᠦᠢᠯ ᠢ ᠡᠬᠦᠳᠦᠨ ᠪᠦᠳᠦᠬᠡᠵᠦ ᠬᠤᠶᠢᠴᠢ ᠦᠶ᠎ᠠ ᠳᠡᠭᠡᠨ

ᠦᠯᠡᠳᠡᠬᠡᠵᠡᠢ᠃ ᠫᠠᠭᠪᠠ ᠶᠢᠨ ᠲᠦᠷᠪᠡᠯᠵᠢᠨ ᠦᠰᠦᠭᠳᠤ ᠵᠤᠭᠤᠰ ᠢ ᠴᠢᠳᠬᠤᠵᠦ ᠬᠦᠢᠯᠬᠡᠬᠡᠨ ᠳᠤ ᠤᠷᠤᠭᠤᠯᠤᠨ ᠬᠡᠷᠡᠭᠯᠡᠵᠦ ᠪᠠᠶᠢᠬᠰᠠᠨ ᠢ ᠬᠡᠷᠡᠴᠢᠯᠡᠵᠦ ᠪᠤᠯᠬᠤ ᠦᠨᠡᠳᠤ

ᠲᠤᠷᠠᠰᠬᠠᠯᠳᠤ ᠵᠦᠢᠯ ᠤᠨ ᠨᠢᠬᠡ ᠪᠤᠯᠬᠤ ᠫᠠᠭᠪᠠ ᠶᠢᠨ ᠲᠦᠷᠪᠡᠯᠵᠢᠨ ᠦᠰᠦᠭᠳᠤ 11 ᠬᠡᠰᠡᠭ ᠵᠤᠭᠤᠰ ᠤᠳᠤᠬᠠᠨ ᠳᠤ ᠤᠳᠤᠭ ᠬᠤᠰᠢᠭᠤᠨ ᠤ ᠮᠦᠽᠸᠢ ᠳᠤ

ᠬᠠᠳᠠᠭᠠᠯᠠᠬᠳᠠᠵᠦ ᠪᠤᠢ᠃

   

6.9.2.png

       ᠡᠳᠡᠬᠡᠷ ᠲᠦᠬᠦᠷᠢᠭ ᠲᠡᠮᠦᠷᠯᠢᠭ ᠵᠤᠭᠤᠰ ᠨᠢ ᠲᠦᠷᠪᠡᠯᠵᠢᠨ ᠨᠦᠬᠡ ᠲᠠᠢ᠃ ᠨᠢᠭᠤᠷ ᠲᠠᠯ᠎ᠠ ᠲᠡᠬᠡᠷᠡᠬᠢ ᠲᠦᠷᠪᠡᠯᠵᠢᠨ ᠦᠰᠦᠭ ᠢ ᠬᠠᠮᠢᠶ᠎ᠠ ᠪᠦᠬᠦᠢ  ᠮᠠᠲ᠋ᠧᠷᠢᠶᠠᠯ ᠢ

ᠦᠨᠳᠦᠰᠦᠯᠡᠨ ᠲᠦᠬᠦᠮᠬᠡᠨ ᠦᠢᠯᠠᠭᠠᠬᠰᠠᠨ ᠢᠶᠠᠷ᠂ ᠲᠡᠭᠡᠷ᠎ᠠ ᠠᠴᠠ ᠲᠤᠷᠤᠬᠰᠢ᠂ ᠵᠡᠬᠦᠨ ᠠᠴᠠ ᠪᠠᠷᠠᠭᠤᠨᠰᠢ ᠪᠠᠨ ᠤᠡᠭᠰᠢᠪᠡᠯ ︽ᠳ᠋ᠠ ᠶᠤᠸᠡᠨ ᠲᠦᠡᠭ ᠪᠤᠤ 大元通宝

- dj yjen tung bv︾ ᠬᠡᠮᠡᠬᠦ ᠲᠦᠷᠪᠡᠯᠵᠢᠨ ᠦᠰᠦᠭ ᠪᠤᠯᠤᠨ᠎ᠠ᠃ ᠲᠦᠷᠪᠡᠯᠵᠢᠨ ᠦᠰᠦᠭ ᠢ ᠲᠡᠮᠦᠷᠯᠢᠭ ᠲᠡᠭᠡᠷ᠎ᠠ ᠬᠦᠨ ᠰᠡᠶᠢᠯᠦᠭᠰᠡᠨ ᠢᠶᠠᠷ ᠮᠠᠰᠢ ᠲᠤᠳᠤᠷᠬᠠᠢ

ᠬᠠᠷᠠᠬᠳᠠᠵᠦ᠂  ᠳ᠋ᠢᠶᠠᠮᠧᠲᠷ ᠨᠢ 3.9  ᠰᠡᠨᠲ᠋ᠢᠮᠧᠲᠷ᠂ ᠬᠦᠨᠳᠤ ᠨᠢ 18.4 ᠭᠷᠡᠮ ᠤᠷᠴᠢᠮ ᠪᠤᠢ᠃ ᠨᠢᠭᠤᠷ ᠲᠠᠯ᠎ᠠ ᠲᠡᠬᠡᠷᠡᠬᠢ ᠵᠢᠪᠠ ᠪᠤᠯ ᠰᠢᠷᠤᠢ᠂ ᠺᠠᠯᠼ ᠮᠠᠭᠨᠢ

ᠳᠠᠪᠤᠰᠤ ᠶᠢᠨ ᠬᠤᠯᠢᠮᠠᠭ ᠡᠳ᠋ ᠮᠥᠨ᠃ ᠲᠡᠮᠦᠷᠯᠢᠭ ᠵᠤᠭᠤᠰ ᠨᠢ ᠴᠢᠨᠠᠷ ᠰᠠᠶᠢᠲᠠᠢ᠂ ᠨᠠᠷᠢᠨ ᠬᠠᠲᠠᠭᠤ᠂ ᠬᠡᠪ ᠨᠠᠮᠪᠠ ᠨᠢ ᠲᠥᠪ ᠶᠡᠬᠡᠮᠰᠦᠭ᠂ ᠦᠰᠦᠭ ᠤᠨ ᠲᠢᠭ ᠨᠢ ᠲᠡᠭᠰᠢ

ᠰᠢᠯᠤᠭᠤᠨ᠂ ᠢᠳᠡ ᠲᠤᠷᠪᠢ ᠲᠠᠢ ᠬᠠᠷᠠᠬᠳᠠᠵᠦ᠂ ᠴᠦᠬᠡᠨ ᠲᠤᠭ᠎ᠠ ᠲᠠᠢ ᠬᠠᠳᠠᠭᠠᠯᠠᠬᠳᠠᠵᠦ ᠪᠠᠶᠢᠭ᠎ᠠ ᠡᠷᠳᠡᠨ ᠤ ᠦᠨᠡᠳᠤ ᠲᠡᠮᠦᠷᠯᠢᠭ ᠵᠤᠭᠤᠰ ᠪᠤᠯᠤᠨ᠎ᠠ᠃ ᠳ᠋ᠠ ᠶᠤᠸᠡᠨ

ᠲᠦᠡᠭ ᠪᠤᠤ ᠶᠢ ᠬᠠᠶᠢᠰᠠᠨ ᠬᠦᠯᠦᠭ ᠬᠠᠭᠠᠨ 1309 ᠤᠨ ᠠᠴᠠ ᠡᠬᠢᠯᠡᠨ ᠲᠦᠷᠪᠡᠯᠵᠢᠨ ᠦᠰᠦᠭ ᠪᠠ ᠬᠢᠲᠠᠳ ᠪᠢᠴᠢᠭ ᠢᠶᠠᠷ ᠴᠢᠳᠬᠤᠵᠦ᠂ ᠠᠷᠪᠠᠨ ᠶᠡᠭᠡ ᠵᠤᠭᠤᠰ ᠢᠶᠠᠷ

ᠨᠤᠭᠤᠯᠵᠤ ᠪᠤᠳᠤᠳᠠᠭ ᠪᠠᠶᠢᠪᠠ᠃ ᠳ᠋ᠠ ᠶᠤᠸᠠᠨ ᠲᠥᠡᠭ ᠪᠤᠤ ᠲᠡᠮᠦᠷᠯᠢᠭ ᠵᠤᠭᠤᠰ ᠨᠢ ᠶᠤᠸᠠᠨ ᠤᠯᠤᠰ ᠤᠨ ᠵᠤᠭᠤᠰ ᠤᠨ ᠲᠥᠷᠢᠮ ᠲᠤᠭᠳᠠᠪᠤᠷᠢᠵᠢᠭᠰᠠᠨ ᠤ ᠲᠠᠷᠠᠭᠠᠬᠢ

ᠲᠥᠯᠤᠭᠡᠯᠡᠭᠦ ᠪᠥᠳᠤᠭᠡᠯ ᠪᠠᠶᠢᠵᠤ᠂ ᠠᠷᠠᠯᠵᠢᠶ᠎ᠠ ᠬᠤᠳᠠᠯᠳᠤᠭᠠᠨ ᠤ ᠤᠶᠢᠯᠡᠰ ᠲᠤ ᠴᠢᠬᠤᠯᠠ ᠤᠶᠢᠯᠠᠳᠤᠯ ᠥᠵᠡᠭᠦᠯᠵᠡᠢ᠃ ᠲᠡᠮᠦᠷᠯᠢᠭ ᠵᠤᠭᠤᠰ ᠲᠡᠭᠡᠷᠡᠬᠢ ᠲᠦᠷᠪᠡᠯᠵᠢᠨ

ᠦᠰᠦᠭ ᠤᠨ ᠨᠠᠷᠢᠨ ᠵᠠᠳᠠᠯᠤᠯᠳᠠ ᠶᠢ ᠲᠤᠤᠷᠠᠬᠢ ᠵᠢᠷᠤᠭ ᠠᠴᠠ ᠦᠢᠯᠠᠭᠠᠵᠦ ᠪᠤᠯᠤᠨ᠎ᠠ᠃

6.9.3.png

      

6.9.4.png

         ︵ᠵᠢᠷᠤᠭ ᠤᠳ ᠢ ᠤᠳᠤᠭ ᠬᠤᠰᠢᠭᠤᠨ ᠤ ᠮᠦᠽᠸᠢ ᠠᠴᠠ ᠬᠠᠨᠭ᠍ᠭᠠᠪᠠ︶

 

ᠢᠷᠡᠯᠲᠡ᠄ ᠤᠷᠳᠤᠰ ᠤᠨ ᠡᠳᠤᠷ ᠤᠨ ᠰᠤᠨᠢᠨ