ᠢᠮᠠᠭᠠᠨ ᠤ ᠬᠡᠳᠡᠰᠣ ᠬᠦᠬᠡᠬᠡᠬᠦ ᠶᠢ ᠡᠮᠴᠢᠯᠡᠬᠦ ᠠᠷᠭ᠎ᠠ
ᠨᠡᠶᠢᠲᠡᠯᠡᠭᠰᠡᠨ ᠴᠠᠭ᠄
2023/6/15
      ᠶᠠᠷᠤᠨᠢ ᠬᠠᠪᠤᠷ ᠪᠣᠯᠣᠭᠰᠠᠭᠠᠷ ᠢᠮᠠᠭᠠᠨ ᠤ ᠭᠡᠳᠡᠰᠦ ᠬᠥᠭᠡᠭᠡᠬᠦ ᠡᠪᠡᠳᠴᠢᠨ ᠦᠷᠭᠦᠯᠵᠢ ᠢᠯᠡᠷᠡᠳᠡᠭ᠃ ᠲᠡᠭᠡᠪᠡᠯ ᠢᠮᠠᠭᠠᠨ ᠤ ᠭᠡᠳᠡᠰᠦ ᠬᠥᠭᠡᠭᠡᠪᠡᠯ ᠶᠠᠭᠠᠬᠢᠵᠤ ᠡᠮᠴᠢᠯᠡᠬᠦ ᠪᠤᠢ︖       ᠨᠢᠭᠡ᠂ ᠲᠡᠵᠢᠭᠡᠬᠦ ᠠᠷᠭ᠎ᠠ ᠪᠠᠨ ᠠᠩᠬᠠᠷᠤᠭᠠᠷᠠᠢ᠃ ᠡᠪᠡᠰᠦ ᠥᠭᠭᠦ ᠪᠠᠷ ᠭᠤᠣᠯᠯᠠᠵᠤ᠂ ᠠᠮᠲᠠᠲᠤ ᠲᠥᠮᠥᠰᠥᠨ ᠤ ᠴᠢᠬᠢ᠂ ᠯᠣᠬᠠᠱᠧᠩ ᠤᠨ ᠴᠢᠬᠢ᠂ ᠪᠤᠷᠴᠠᠭ  ᠤᠨ ᠰᠦᠷᠡᠯ ᠵᠡᠷᠭᠡ ᠶᠢ ᠠᠯᠢ ᠪᠤᠯᠬᠤ ᠪᠠᠷ ᠳᠤᠲᠠᠭᠤ ᠥᠭᠴᠦ᠂ ᠪᠦᠳᠦᠭᠦᠯᠢᠭ ᠪᠣᠷᠳᠤᠭ᠎ᠠ ᠶᠢ ᠨᠠᠷᠢᠯᠢᠭ ᠪᠣᠷᠲᠤᠭ᠎ᠠ ᠪᠠᠷ ᠰᠣᠯᠢᠵᠤ ᠲᠡᠵᠢᠭᠡᠬᠦ ᠦᠶᠡᠰ ᠬᠡᠮᠵᠢᠶ᠎ᠡ ᠶᠢ ᠨᠢ ᠠᠨᠩᠬᠠᠷᠬᠤ ᠬᠡᠷᠡᠭᠲᠡᠢ᠃       ᠬᠤᠶᠠᠷ᠂ ᠢᠮᠠᠭ᠎ᠠ ᠶᠡᠭᠡ ᠬᠡᠮᠵᠢᠶᠡᠨ ᠤ ᠡᠷᠳᠡᠨᠢ ᠰᠢᠰᠢ᠂ ᠪᠤᠷᠴᠠᠭ ᠤᠨ ᠨᠤᠨᠲᠠᠭ ᠵᠡᠷᠭᠡ ᠶᠢ ᠢᠳᠡᠭᠰᠡᠨ ᠪᠣᠯ ᠶᠠᠭᠤᠨ ᠤ ᠡᠮᠦᠨ᠎ᠡ ᠤᠰᠤ ᠤᠤᠭᠤᠬᠤ ᠶᠢ ᠨᠢ ᠬᠤᠷᠢᠭᠯᠠᠵᠤ᠂ ᠲᠡᠵᠢᠭᠡᠯ ᠪᠣᠷᠳᠤᠭ᠎ᠠ ᠭᠡᠳᠡᠰᠦᠨ ᠳᠣᠲᠣᠷ᠎ᠠ ᠨᠢ ᠬᠥᠭᠡᠭᠡᠵᠦ ᠲᠡᠯᠡᠭᠦ ᠠᠴᠠ ᠰᠡᠷᠭᠡᠶᠢᠯᠡᠬᠦ ᠬᠡᠷᠡᠭᠲᠡᠢ᠃      ᠭᠤᠷᠪᠠ᠂ ᠤᠷᠭᠤᠮᠠᠯ ᠤᠨ ᠲᠣᠰᠣ ᠤᠤᠭᠤᠯᠭᠠᠵᠤ ᠭᠡᠳᠡᠰᠦ ᠶᠢ ᠨᠢ ᠨᠡᠪᠲᠡᠷᠡᠭᠦᠯᠵᠦ ᠪᠣᠯᠣᠨ᠎ᠠ᠃      ᠳᠥᠷᠪᠡ᠂ ᠢᠮᠠᠭᠠᠨ ᠳᠠᠭᠠᠨ ᠬᠥᠳᠡᠯᠭᠡᠭᠡᠨ ᠤ ᠣᠷᠴᠢᠨ ᠬᠠᠩᠭᠠᠵᠤ᠂ ᠵᠣᠬᠢᠰᠲᠠᠢ ᠬᠥᠳᠡᠯᠭᠡᠭᠡᠨ ᠬᠢᠯᠭᠡᠨ᠎ᠡ᠃       ᠲᠠᠪᠤ᠂ ᠡᠮ ᠬᠠᠪᠰᠤᠷᠭᠠᠨ ᠬᠡᠷᠡᠭᠯᠡᠵᠦ ᠰᠢᠩᠭᠡᠭᠡᠯᠲᠡ ᠶᠢ ᠨᠢ ᠠᠬᠢᠭᠤᠯᠤᠨ᠎ᠠ᠃ ︽6 ᠭᠷᠠᠮ ᠰᠠᠷᠢᠮᠰᠠᠭ ᠨᠢᠴᠠᠯᠤᠭᠠᠳ 120 ᠮᠢᠯᠢᠯᠧᠳ᠋ᠷ ᠼᠤᠤ ᠬᠤᠯᠢᠵᠤ ᠤᠤᠭᠤᠯᠭᠠᠬᠤ ᠪᠤᠶᠤ 3060 ᠮᠢᠯᠢᠯᠢᠳ᠋ᠷ ᠼᠤᠤ ᠶᠢ ᠨᠢᠭᠡ ᠯᠡ ᠤᠳᠠᠭ᠎ᠠ ᠳᠤ ᠤᠤᠭᠤᠯᠭᠠᠨ᠎ᠠ᠃ ᠮᠠᠯᠴᠢᠳ ᠪᠤᠳᠠᠲᠠᠢ ᠪᠠᠶᠢᠳᠠᠯ ᠢᠶᠠᠨ ᠦᠨᠳᠦᠰᠦᠯᠡᠨ ᠳᠡᠭᠡᠷ᠎ᠡ ᠳᠤᠷᠠᠳᠤᠬᠰᠠᠨ ᠬᠡᠳᠦᠨ ᠵᠦᠢᠯ ᠤᠨ ᠠᠷᠭ᠎ᠠ ᠪᠠᠷ ᠢᠮᠠᠭᠠᠨ ᠤ ᠭᠡᠳᠡᠰᠦ ᠬᠥᠭᠡᠭᠡᠬᠦ ᠡᠪᠡᠳᠴᠢᠨ ᠢ ᠡᠳᠡᠭᠡᠷᠡᠭᠦᠯᠵᠦ ᠪᠣᠯᠣᠨ᠎ᠠ᠃       
ᠢᠷᠡᠯᠲᠡ᠄ ︽ᠰᠢᠨᠵᠢᠯᠡᠬᠦ ᠤᠬᠠᠭᠠᠨ ᠠᠮᠢᠳᠤᠷᠠᠯ︾ ᠰᠡᠳᠬᠦᠯ ᠠᠴᠠ