ᠠᠶᠢᠯ ᠤᠨ ᠪᠤᠱᠤᠭ᠎ᠠ ᠶᠢ ᠠᠯᠬᠤᠨ ᠣᠷᠣᠬᠤ ᠳᠤ ᠬᠤᠯᠪᠤᠬᠳᠠᠬᠤ ᠵᠠᠩᠰᠢᠯ᠃ ᠪᠤᠱᠤᠭ᠎ᠠ ᠠᠯᠬᠤᠨ ᠣᠷᠣᠬᠤ ᠳᠤ ᠪᠤᠱᠣᠭᠠᠨ ᠳᠤ ᠬᠦᠯ ᠢᠶᠠᠨ ᠬᠦᠷᠭᠡᠵᠦ ᠪᠤᠯᠬᠤ | ᠦᠭᠡᠢ ᠪᠦᠭᠡᠳ ᠣᠷᠢᠳᠠ ᠪᠠᠷ ᠪᠠᠷᠠᠭᠤᠨ ᠬᠦᠯ ᠢᠶᠠᠷ ᠠᠯᠬᠤᠵᠦ ᠣᠷᠣᠳᠠᠭ ᠶᠤᠰᠤ ᠲᠠᠢ᠃ ᠬᠡᠷᠡᠭᠦᠯ ᠵᠤᠳᠤᠭᠠᠨ ᠬᠢᠬᠦ᠂ ᠦᠷᠢ ᠰᠢᠷᠢ ᠨᠡᠬᠡᠬᠦ ᠬᠦᠮᠦᠨ ᠪᠣᠯ ᠰᠠᠶ᠋ᠢ | ᠣᠷᠢᠳᠠ ᠪᠠᠷ ᠵᠡᠭᠦᠨ ᠬᠦᠯ ᠢᠶᠠᠷ ᠠᠯᠬᠤᠨ ᠣᠷᠣᠳᠠᠭ ᠣᠴᠢᠷ ᠠᠴᠠ ᠵᠡᠭᠦᠨ ᠬᠦᠯ ᠢᠶᠠᠷ ᠠᠯᠬᠤᠨ ᠣᠷᠣᠬᠤ ᠶᠢ ᠴᠡᠭᠡᠷᠯᠡᠳᠡᠭ᠃ ᠵᠠᠷᠢᠮ ᠭᠠᠵᠠᠷ ᠪᠠᠰᠠ ᠪᠠᠷᠠᠭᠤᠨ | ᠬᠦᠯ ᠢᠶᠠᠷ ᠠᠯᠬᠤᠵᠦ ᠣᠷᠣᠬᠤ ᠶᠢ ᠴᠡᠭᠡᠷᠯᠡᠵᠦ᠂ ᠣᠷᠢᠳᠠ ᠪᠠᠷ ᠵᠡᠭᠦᠨ ᠬᠦᠯ ᠢᠶᠠᠷ ᠠᠯᠬᠤᠨ ᠣᠷᠣᠳᠠᠭ ᠴᠦ ᠪᠤᠢ᠃ ᠪᠤᠱᠤᠭ᠎ᠠ ᠶᠢ ᠵᠡᠭᠦᠨ᠂ ᠪᠠᠷᠠᠭᠤᠨ᠂ ᠭᠤᠤᠯ | ᠭᠡᠵᠦ ᠬᠤᠪᠢᠶᠠᠭᠠᠳ ᠶᠡᠷᠦ ᠶᠢᠨ ᠪᠠᠶᠢᠳᠠᠯ ᠳᠤ ᠡᠩ ᠤᠨ ᠬᠦᠮᠦᠨ ᠪᠤᠱᠣᠭᠠᠨ ᠤ ᠵᠡᠭᠦᠨ ᠲᠠᠯ᠎ᠠ ︵ᠵᠦᠪ ᠲᠠᠯ᠎ᠠ︶ ᠪᠠᠷ ᠠᠯᠬᠤᠨ ᠣᠷᠣᠳᠠᠭ᠃ ᠡᠷᠲᠡ ᠦᠶ᠎ᠡ ᠳᠡᠭᠡᠨ | ᠬᠠᠭᠠᠨ᠂ ᠢᠵᠠᠭᠤᠷᠲᠠᠨ ᠡᠭᠦᠳᠡ ᠭᠤᠤᠯᠯᠠᠨ ᠪᠤᠱᠤᠭᠠᠨ ᠤ ᠭᠤᠤᠯ ᠳᠣᠮᠳᠠᠭᠤᠷ ᠠᠯᠬᠤᠨ ᠣᠷᠣᠳᠠᠭ ᠪᠠᠶᠢᠵᠠᠢ᠃ ᠶᠠᠮᠠᠷ ᠴᠦ ᠬᠦᠮᠦᠨ ᠪᠤᠱᠤᠭᠠᠨ ᠤ ᠪᠠᠷᠠᠭᠤᠨ ᠲᠠᠯ᠎ᠠ | ︵ᠪᠤᠷᠤᠭᠤ ᠲᠠᠯ᠎ᠠ︶ ᠶᠢ ᠪᠠᠷᠢᠵᠦ ᠣᠷᠣᠵᠦ ᠪᠤᠯᠳᠠᠭ ᠦᠭᠡᠢ᠃ ᠦᠨᠳᠦᠷ ᠨᠠᠰᠣᠲᠠᠢ ᠬᠦᠨᠳᠦᠲᠦ ᠵᠤᠴᠢᠨ ᠠᠶᠢᠯ ᠳᠤ ᠪᠤᠱᠤᠭ᠎ᠠ ᠠᠯᠬᠤᠨ ᠣᠷᠣᠬᠤ ᠳᠠᠭᠠᠨ ᠪᠠᠷᠠᠭᠤᠨ | ᠭᠠᠷ ᠢᠶᠠᠷ ᠢᠶᠠᠨ ᠲᠤᠲᠤᠭᠤ ᠶᠢᠨ ᠬᠢᠨᠢ ᠲᠤᠤᠷ᠎ᠠ ᠲᠠᠯ᠎ᠠ ᠠᠴᠠ ᠳᠡᠭᠡᠵᠢᠯᠡᠭᠡᠳ ᠣᠷᠣᠳᠠᠭ ᠵᠠᠩᠰᠢᠯ ᠲᠠᠢ᠃ ᠪᠤᠱᠤᠭ᠎ᠠ ᠪᠠᠷ ᠰᠠᠪᠠᠭ᠎ᠠ ᠦᠭᠡᠶᠢᠳᠡᠨ ᠮᠦᠯᠬᠦᠵᠦ ᠣᠷᠣᠬᠤ᠂ | ᠳᠦᠷᠪᠡᠨ ᠬᠦᠯᠯᠡᠨ ᠣᠷᠣᠬᠤ ᠶᠢ ᠴᠡᠭᠡᠷᠯᠡᠨ᠎ᠡ᠂ ᠵᠦᠷᠢᠴᠡᠪᠡᠯ ᠣᠷᠣᠨ ᠭᠡᠷ ᠡᠵᠡᠭᠦ᠋ᠢᠷᠡᠬᠦ ᠮᠠᠭᠤ ᠢᠷᠸ᠎ᠠ ᠳᠠᠭᠤᠳᠠᠯ᠎ᠠ ᠭᠡᠳᠡᠭ᠃ ᠪᠤᠱᠤᠭ᠎ᠠ ᠶᠢᠨ ᠳᠡᠭᠡᠷ᠎ᠡ ᠬᠢᠰᠬᠢᠬᠦ᠂ | ᠳᠠᠮᠨᠠᠨ ᠵᠤᠬᠰᠣᠬᠤ ᠶᠢ ᠴᠡᠭᠡᠷᠯᠡᠨ᠎ᠡ᠂ ᠬᠢᠰᠬᠢᠪᠡᠯ ᠡᠭᠦᠳᠡᠨ ᠵᠠᠶᠠᠭᠠᠨ ᠳᠤ ᠮᠠᠭᠤ ᠬᠡᠬᠦ ᠪᠤᠶᠤ ᠦᠰᠢᠶ᠎ᠡ ᠬᠤᠨᠵᠢᠩ ᠡᠪᠦᠷᠯᠡᠪᠡ ᠭᠡᠳᠡᠭ᠃ ᠳᠠᠮᠨᠠᠨ ᠵᠤᠬᠰᠣᠪᠠᠯ ᠦᠯᠦ | ᠬᠦᠨᠳᠦᠳᠭᠡᠪᠡ᠂ ᠣᠷᠣᠵᠦ ᠭᠠᠷᠬᠤ ᠳᠤ ᠰᠠᠭᠠᠳ ᠪᠤᠯᠪᠠ ᠭᠡᠳᠡᠭ᠃ | |