| ᠮᠤᠩᠭᠤᠯ ᠬᠦᠮᠦᠨ ᠡᠷᠲᠡ ᠢᠵᠠᠭᠤᠷ ᠠᠴᠠ ᠴᠠᠭᠠᠨ ᠦᠩᠭᠡ ᠶᠢ ᠡᠷᠬᠢᠮᠯᠡᠳᠡᠭ᠃ ᠮᠤᠩᠭᠤᠯ ᠬᠦᠮᠦᠨ ᠡᠷᠲᠡᠨ ᠤ ᠴᠠᠭᠠᠨ ᠳ᠋ᠢᠴᠣᠣᠯ ᠠᠴᠠ ᠢᠷᠡᠯ ᠲᠠᠢ ᠲᠤᠯᠠ | ᠴᠠᠭᠠᠨ ᠦᠩᠭᠡ ᠶᠢ ᠡᠷᠬᠢᠮ ᠳᠤ ᠦᠵᠡᠳᠡᠭ ᠭᠡᠵᠦ ᠵᠠᠷᠢᠮ ᠡᠷᠳᠡᠮᠳᠡᠨ ᠰᠢᠨᠵᠢᠯᠡᠭᠰᠡᠨ ᠪᠠᠶᠢᠨ᠎ᠠ᠃ ᠮᠤᠩᠭᠤᠯ ᠤᠨ ᠬᠠᠭᠠᠨᠲᠤ ᠲᠦᠷᠦ ᠶᠢᠨ ᠲᠤᠭ ᠰᠦᠯᠲᠡ ᠨᠢ ᠴᠠᠭᠠᠨ | ᠦᠩᠭᠡ ᠲᠠᠢ ᠪᠠᠶᠢᠵᠠᠢ᠃ ᠮᠤᠩᠭᠤᠯᠴᠤᠳ ᠪᠢᠯᠢᠭ ᠤᠨ ᠣᠯᠠᠷᠢᠯ ᠤᠨ ᠨᠢᠭᠡ ᠰᠠᠷ᠎ᠠ ᠶᠢ ᠴᠠᠭᠠᠨ ᠰᠠᠷ᠎ᠠ ᠭᠡᠳᠡᠭ᠃ ᠶᠡᠷᠦ ᠨᠢ ᠬᠠᠭᠤᠴᠢ ᠰᠣᠳᠣᠯᠣᠯ ᠤᠨ ᠪᠠᠷᠢᠮᠲᠠ ᠠᠴᠠ | ᠴᠦ ᠡᠨᠡ ᠲᠤᠬᠠᠢ ᠲᠠᠢ ᠵᠦᠢᠯᠡᠰ ᠢᠯᠡᠷᠡᠭᠰᠡᠭᠡᠷ ᠪᠤᠢ᠂ ᠲᠤᠬᠠᠶᠢᠯᠠᠪᠠᠯ ᠶᠣᠸᠠᠨ ᠣᠯᠣᠰ ᠤᠨ ᠵᠢᠨᠢᠩ ᠴᠦᠯᠭᠡ ᠶᠢᠨ ᠪᠠᠭᠤᠷᠢ ᠠᠴᠠ ᠮᠠᠯᠲᠠᠵᠦ ᠭᠠᠷᠭᠠᠬᠰᠠᠨ ᠲᠡᠤᠬᠡ ᠶᠢᠨ | ᠳᠣᠷᠠᠰᠬᠠᠯᠲᠤ ᠵᠦᠢᠯ ᠳᠤ ᠴᠠᠭᠠᠨ ᠱᠠᠭᠠᠵᠠᠩ ᠶᠢᠨ ᠦᠢᠯᠡᠳᠦᠭᠰᠡᠨ ᠬᠡᠪᠲᠡᠭᠡ ᠬᠦᠮᠦᠨ᠂ ᠴᠠᠭᠠᠨ ᠱᠠᠭᠠᠵᠠᠩ ᠨᠤᠬᠠᠢ᠂ ᠴᠠᠭᠠᠨ ᠱᠠᠭᠠᠵᠠᠩ ᠬᠤᠨᠢ ᠭᠠᠷᠴᠠᠢ᠃ | ᠮᠤᠩᠭᠤᠯᠴᠤᠳ ᠵᠤᠴᠢᠨ ᠣᠬᠲᠤᠬᠤ ᠳᠠᠭᠠᠨ ᠢᠰᠡᠭᠡᠢ ᠳᠡᠪᠢᠰᠦᠨ ᠴᠠᠭᠠᠨ ᠬᠠᠳᠠᠭ ᠢᠶᠠᠷ ᠰᠢᠨᠡᠯᠡᠵᠦ᠂ ᠴᠠᠭᠠᠨ ᠢᠳᠡᠭᠡ ᠠᠮᠰᠠᠭᠤᠯᠳᠠᠭ᠃ ᠡᠷᠲᠡ ᠴᠠᠭ ᠲᠤ ᠮᠤᠩᠭᠤᠯ | ᠬᠦᠮᠦᠨ ᠴᠠᠭᠠᠨ ᠦᠩᠭᠡ ᠶᠢ ᠡᠷᠬᠢᠮᠯᠡᠵᠦ ᠪᠠᠶᠢᠬᠰᠠᠨ ᠲᠣᠬᠠᠢ ᠮᠡᠳᠡᠭᠡ ︽ᠮᠠᠷᠺᠦ ᠫᠣᠯᠣ ᠶᠢᠨ ᠵᠢᠭᠤᠯᠴᠢᠯᠠᠯ ᠤᠨ ᠲᠡᠮᠳᠡᠭᠯᠡᠯ︾ ᠳᠤ ᠳᠣᠰᠬᠠᠬᠳᠠᠵᠦ ᠪᠤᠢ᠃ ᠲᠡᠷᠡ | ᠦᠶᠡᠰ ᠴᠠᠭᠠᠨ ᠰᠠᠷ᠎ᠠ ᠪᠤᠯᠤᠮᠠᠬᠴᠠ ᠶᠡᠭᠡ ᠬᠠᠭᠠᠨ ᠠᠴᠠ ᠡᠬᠢᠯᠡᠨ ᠡᠭᠡᠯ ᠠᠷᠠᠳ ᠬᠦᠷᠲᠡᠯ᠎ᠡ ᠴᠦᠮ ᠴᠠᠭᠠᠨ ᠬᠤᠪᠴᠠᠰᠤ ᠡᠮᠦᠰᠦᠨ ᠴᠠᠭᠠᠨ ᠦᠩᠭᠡ ᠶᠢᠨ ᠪᠡᠯᠡᠭ | ᠬᠦᠷᠭᠡᠯᠴᠡᠳᠡᠭ ᠪᠠᠶᠢᠵᠠᠢ᠃ ᠮᠤᠩᠭᠤᠯᠴᠤᠳ ᠪᠠᠶᠠᠷ ᠳᠣᠷᠠᠰᠬᠠᠯ ᠤᠨ ᠡᠳᠦᠷ ᠲᠤ ᠴᠠᠭᠠᠨ ᠢ ᠡᠮᠦᠰᠳᠡᠭ ᠵᠠᠩᠰᠢᠯ ᠣᠳᠣ ᠪᠤᠯᠲᠠᠯ᠎ᠠ ᠬᠠᠳᠠᠭᠠᠯᠠᠬᠳᠠᠵᠦ ᠪᠠᠶᠢᠳᠠᠭ᠃ | ᠴᠠᠭᠠᠨ ᠦᠩᠭᠡ ᠶᠢ ᠰᠦ ᠲᠠᠢ ᠠᠳᠠᠯᠢᠬᠠᠨ ᠪᠡᠯᠭᠡᠰᠢᠶᠡᠳᠡᠭ ᠠᠴᠠ ᠮᠤᠩᠭᠤᠯᠴᠤᠳ ᠤᠨ ᠬᠦᠨᠳᠦᠳᠭᠡᠯ ᠪᠡᠯᠡᠭ ᠤᠨ ᠵᠦᠢᠯ ᠳᠤ ︽ᠶᠢᠰᠦᠨ ᠴᠠᠭᠠᠨ︾ ᠢ ᠡᠷᠬᠢᠮᠯᠡᠵᠦ᠂ | ᠶᠢᠰᠦᠨ ᠴᠠᠭᠠᠨ ᠤ ᠪᠡᠯᠡᠭ ᠢ ᠬᠦᠷᠭᠡᠯᠴᠡᠳᠡᠭ ᠪᠦᠭᠡᠳ ᠴᠢᠨᠠᠬᠰᠢᠯᠠᠪᠠᠯ ᠶᠢᠰᠦ ᠶᠢᠨ ᠶᠢᠰᠦ ᠳᠠᠬᠢᠨ ᠤ ᠲᠤᠭ᠎ᠠ — — ᠨᠠᠶᠠᠨ ᠨᠢᠭᠡ ᠶᠢᠨ ᠪᠡᠯᠡᠭ ᠢᠶᠠᠷ ᠬᠡᠯᠡᠯᠴᠡᠬᠦ | ᠶᠠᠪᠤᠳᠠᠯ ᠲᠠᠢ᠃ ᠬᠠᠷᠠᠴᠦ ᠢᠷᠭᠡᠨ ᠬᠠᠭᠠᠨ ᠤ ᠦᠬᠢᠨ ᠢ ᠰᠦᠢᠯᠡᠬᠦ ᠪᠤᠯᠪᠠᠴᠤ ᠴᠠᠭᠠᠨ ᠲᠡᠮᠡᠭᠡ ᠮᠦᠩᠭᠦᠨ ᠪᠤᠶᠢᠯᠠ ᠲᠠᠢ᠂ ᠴᠠᠭᠠᠨ ᠮᠤᠷᠢ ᠪᠤᠯᠠᠭᠠᠨ ᠮᠤᠯᠴᠤᠭ ᠲᠠᠢ | ᠪᠡᠯᠡᠭ ᠲᠤᠰᠢᠶᠠᠬᠤ ᠬᠡᠷᠡᠭᠲᠡᠢ ᠭᠡᠵᠦ ︽ᠬᠠᠯᠬ᠎ᠠ ᠵᠢᠷᠦᠮ︾ ᠳᠤ ᠲᠤᠳᠤᠷᠬᠠᠢ ᠲᠡᠮᠳᠡᠭᠯᠡᠵᠦ ᠪᠠᠶᠢᠳᠠᠭ᠃ ᠮᠤᠩᠭᠤᠯᠴᠤᠳ ᠶᠡᠷᠦ ᠠᠴᠠ ᠮᠦᠩᠭᠦᠨ ᠪᠤᠶᠢᠯᠠ ᠲᠠᠢ ᠴᠠᠭᠠᠨ | ᠲᠡᠮᠡᠭᠡ ᠪᠠᠷ ᠲᠡᠷᠢᠭᠦᠨ ᠪᠦᠬᠡ ᠪᠠᠨ ᠱᠠᠩᠨᠠᠳᠠᠭ ᠵᠤᠷᠰᠢᠯ ᠲᠦᠭᠡᠮᠡᠯ ᠪᠠᠶᠢᠵᠠᠢ᠃ ᠮᠤᠩᠭᠤᠯ ᠤᠨ ᠬᠠᠭᠠᠨᠲᠤ ᠣᠯᠣᠰ ᠤᠨ ᠦᠶ᠎ᠡ ᠳᠤ ᠮᠤᠩᠭᠤᠯᠴᠣᠳ ᠶᠡᠭᠡ | ᠬᠠᠭᠠᠨ ᠳᠠᠭᠠᠨ ᠠᠷᠪᠠᠨ ᠲᠦᠮᠡ ᠪᠠᠷ ᠴᠠᠭᠠᠨ ᠮᠤᠷᠢ ᠬᠦᠷᠭᠡᠳᠡᠭ ᠪᠠᠶᠢᠬᠰᠠᠨ ᠪᠦᠭᠡᠳ ᠴᠠᠭᠠᠨ ᠬᠡᠭᠦᠦ ᠶᠢᠨ ᠰᠦᠷᠦᠭ ᠵᠠᠮ ᠢᠶᠠᠷ ᠦᠩᠭᠡᠷᠡᠬᠦ ᠳᠣᠬᠢᠶᠠᠯᠳᠣᠪᠠᠯ | ᠢᠵᠠᠭᠤᠷᠲᠠᠨ ᠨᠤᠶᠠᠳ ᠪᠠᠶᠢᠬᠰᠠᠨ ᠴᠦ ᠳᠤᠮᠳᠠᠭᠤᠷ ᠨᠢ ᠵᠦᠰᠦᠨ ᠭᠠᠷᠬᠤ ᠶᠢ ᠴᠡᠭᠡᠷᠯᠡᠵᠦ᠂ ᠣᠭ ᠣᠷᠣᠨ ᠳᠠᠭᠠᠨ ᠬᠦᠯᠢᠶᠡᠬᠦ ᠪᠤᠶᠤ ᠲᠤᠭᠤᠷᠢᠵᠦ ᠭᠠᠷᠳᠠᠭ | ᠶᠤᠰᠤ ᠲᠠᠢ᠃ | ᠮᠤᠩᠭᠤᠯ ᠭᠡᠷ ᠤᠨ ᠡᠳ᠋ᠯᠡᠯ ᠳᠤ ᠴᠠᠭᠠᠨ ᠢ ᠡᠷᠬᠢᠮᠯᠡᠳᠡᠭ ᠶᠤᠰᠤ ᠪᠠᠶᠢᠬᠰᠠᠨ ᠪᠠ ᠣᠨᠴᠠᠭᠠᠶᠢᠯᠠᠨ ᠴᠢᠬᠳᠠᠭ᠎ᠠ ᠶᠢ ᠪᠣᠯ ᠳᠤᠩ ᠴᠠᠭᠠᠨ ᠬᠢᠯᠭᠠᠰᠤ ᠨᠤᠤᠰᠤ ᠪᠠᠷ | ᠬᠢᠴᠢᠶᠡᠩᠭᠦ᠋ᠢᠯᠡᠨ ᠲᠠᠮᠤᠳᠠᠭ ᠵᠤᠷᠰᠢᠯ ᠲᠠᠢ᠃ ᠲᠡᠶᠢᠮᠦ ᠠᠴᠠ ︽ᠮᠢᠩᠭᠠᠨ ᠴᠠᠭᠠᠨ ᠬᠤᠨᠢ ᠲᠠᠢ᠂ ᠮᠦᠩᠭᠦᠨ ᠴᠠᠭᠠᠨ ᠴᠢᠬᠳᠠᠭ᠎ᠠ ᠲᠠᠢ︾ ᠭᠡᠵᠦ ᠮᠤᠩᠭᠤᠯ ᠭᠡᠷ ᠤᠨ | ᠢᠷᠦᠭᠡᠯ ᠳᠤ ᠭᠠᠷᠳᠠᠭ᠃ ᠳᠣᠯᠣᠭᠠᠨ ᠵᠠᠭᠤᠭᠠᠳ ᠵᠢᠯ ᠤᠨ ᠲᠤᠷᠰᠢ᠂ ᠣᠷᠳᠣᠰ ᠤᠨ ᠲᠠᠷᠬᠠᠳ ᠶᠠᠰᠤᠲᠠᠨ ᠴᠢᠩᠬᠢᠰ ᠤᠨ ᠣᠩᠭᠤᠨ ᠢ ᠰᠠᠬᠢᠨ ᠬᠠᠮᠠᠭᠠᠯᠠᠬᠤ ᠳᠠᠭᠠᠨ ︽ | ᠴᠠᠭᠠᠨ ᠰᠦᠷᠦᠭ︾ ᠤᠨ ᠳᠠᠶᠢᠯᠭ᠎ᠠ ᠶᠢ ᠬᠠᠮᠤᠭ ᠤᠨ ᠶᠡᠭᠡ ᠳᠠᠶᠢᠯᠭ᠎ᠠ ᠪᠤᠯᠭᠠᠵᠦ᠂ ᠰᠣᠳᠣ ᠴᠢᠩᠬᠢᠰ ᠤᠨ ᠣᠩᠭᠤᠨ ᠬᠦᠯᠦᠭ — — ᠦᠨᠳᠡᠭᠡᠨ ᠴᠠᠭᠠᠨ ᠢ | ᠲᠠᠰᠠᠮᠠᠯᠠᠨ ᠲᠠᠬᠢᠵᠦ᠂ ᠪᠤᠮᠤᠨ ᠰᠦᠷᠦᠭ ᠤᠨ ᠪᠠᠲᠤ ᠵᠠᠯ᠎ᠠ ᠪᠠᠨ ᠮᠢᠯᠢᠶᠠᠨ ᠶᠡᠷᠡ ᠶᠢᠰᠦᠨ ᠴᠠᠭᠠᠬᠴᠢᠨ ᠭᠡᠭᠦᠦ ᠶᠢᠨ ᠰᠦ ᠪᠠᠷ ᠰᠠᠴᠤᠯᠢ ᠡᠷᠭᠦᠳᠡᠭ᠃ ᠴᠠᠭᠠᠨ | ᠢᠰᠡᠭᠡᠢ ᠪᠠᠷ ᠭᠡᠷ ᠢᠶᠠᠨ ᠪᠦᠷᠢᠶᠡᠰᠦᠯᠡᠳᠡᠭ ᠨᠢ ᠮᠤᠩᠭᠤᠯ ᠬᠦᠮᠦᠨ ᠤ ᠨᠡᠶᠢᠲᠡ ᠶᠢᠨ ᠵᠠᠩ᠃ ᠲᠡᠭᠡᠬᠦ ᠳᠤ ᠰᠢᠨᠡᠬᠡᠨ ᠴᠠᠭᠠᠨ ᠭᠡᠷ ᠲᠠᠢ ᠠᠶᠢᠯ ᠢ ᠪᠠᠶᠠᠨ ᠲᠠᠷᠭᠤᠨ ᠳᠤ | ᠲᠤᠭᠠᠴᠠᠳᠠᠭ᠃ ᠮᠤᠩᠭᠤᠯᠴᠤᠳ ︽ᠠᠷᠪᠠᠨ ᠴᠠᠭᠠᠨ ᠪᠤᠶᠠᠨ︾ ᠢ ᠡᠷᠬᠢᠮᠯᠡᠨ ︽ᠠᠷᠪᠠᠨ ᠬᠠᠷ᠎ᠠ ᠨᠢᠭᠦᠯ︾ ᠢ ᠲᠡᠪᠴᠢᠳᠡᠭ᠃ ᠴᠠᠭᠠᠨ ᠦᠩᠭᠡ ᠲᠠᠢ ᠠᠯᠢᠪᠠ ᠵᠦᠢᠯ | ᠮᠤᠩᠭᠤᠯ ᠬᠦᠮᠦᠨ ᠳᠤ ᠲᠠᠭᠠᠯᠠᠬᠳᠠᠵᠦ ᠪᠠᠶᠢᠳᠠᠭ᠃ ᠬᠤᠷᠴᠢᠨ ᠨᠤᠲᠤᠭ ᠲᠤ ᠲᠡᠮᠳᠡᠭ ᠦᠭᠡᠢ ᠴᠠᠭᠠᠨ ᠨᠤᠬᠠᠢ ᠶᠢ ᠪᠡᠯᠭᠡ ᠲᠠᠢ ᠪᠠᠷ ᠦᠵᠡᠵᠦ᠂ ᠬᠦᠮᠦᠨ ᠤ ᠲᠦᠷᠦᠯ | ᠤᠯᠬᠤ ᠳᠠᠭᠠᠨ ᠣᠶᠢᠷᠠᠳᠴᠦ ᠪᠠᠶᠢᠨ᠎ᠠ ᠭᠡᠳᠡᠭ᠃ | ᠪᠦᠬᠡ ᠶᠢᠨ ᠱᠠᠰᠢᠨ ᠤ ᠪᠠᠷᠠᠭᠤᠨ ᠲᠠᠪᠢᠨ ᠲᠠᠪᠤᠨ ᠲᠡᠭᠷᠢ ᠶᠢᠨ ᠳᠤᠲᠤᠷ᠎ᠠ ᠴᠠᠭᠠᠨ ᠦᠩᠭᠡ ᠪᠠᠷ ᠨᠡᠷᠡᠯᠡᠭᠳᠡᠭᠰᠡᠨ ᠲᠡᠭᠷᠢ ᠣᠯᠠᠨ ᠪᠠᠶᠢᠳᠠᠭ᠃ ᠵᠢᠱᠢᠶᠡᠯᠡᠪᠡᠯ | ᠴᠠᠭᠠᠨ ᠮᠠᠨᠠᠬᠠᠨ ᠲᠡᠭᠷᠢ᠂ ᠪᠠᠶᠠᠨ ᠴᠠᠭᠠᠨ ᠲᠡᠭᠷᠢ᠂ ᠨᠤᠮᠲᠤ ᠴᠠᠭᠠᠨ ᠲᠡᠭᠷᠢ᠂ ᠰᠢᠳᠣᠷᠭᠤ ᠴᠠᠭᠠᠨ ᠲᠡᠭᠷᠢ᠂ ᠴᠠᠶᠢᠷ ᠴᠠᠭᠠᠨ ᠲᠡᠭᠷᠢ᠂ ᠵᠠᠶᠠᠭᠠᠨ ᠴᠠᠭᠠᠨ ᠲᠡᠭᠷᠢ᠂ | ᠴᠠᠭᠠᠨ ᠡᠪᠦᠭᠡᠨ ᠲᠡᠭᠷᠢ᠂ ᠤᠩᠭᠤᠨ ᠴᠠᠭᠠᠨ ᠲᠡᠭᠷᠢ᠂ ᠣᠶᠣᠭᠠᠷ ᠴᠠᠭᠠᠨ ᠲᠡᠭᠷᠢ ᠭᠡᠬᠦ ᠵᠡᠷᠭᠡ ᠪᠠᠶᠢᠳᠠᠭ᠃ ᠮᠤᠩᠭᠤᠯ ᠬᠦᠮᠦᠨ ᠤ ᠠᠮᠢᠳᠣᠷᠠᠯ ᠳᠤ ᠴᠠᠭᠠᠨ ᠦᠩᠭᠡ ᠨᠢ | ᠶᠡᠷᠦ ᠠᠴᠠ ᠣᠯᠠᠨ ᠶᠠᠩᠵᠦ ᠶᠢᠨ ᠪᠡᠯᠭᠡᠳᠡᠯ ᠢ ᠢᠯᠡᠳᠭᠡᠵᠦ ᠪᠠᠶᠢᠳᠠᠭ᠃ ᠰᠠᠶᠢᠨ ᠰᠠᠨᠠᠭ᠎ᠠ ᠲᠠᠢ ᠬᠦᠮᠦᠨ ᠢ ᠴᠠᠭᠠᠨ ᠰᠡᠳᠬᠢᠯ ᠲᠠᠢ ᠪᠤᠶᠤ ᠴᠠᠶᠢᠯᠭᠠᠨ ᠰᠡᠳᠬᠢᠯ ᠲᠠᠢ | ᠭᠡᠬᠦ᠂ ᠠᠭᠤᠯᠠ ᠪᠠᠷᠲᠠᠭ᠎ᠠ ᠦᠭᠡᠢ ᠲᠡᠭᠰᠢ ᠭᠠᠵᠠᠷ ᠪᠤᠢ ᠪᠤᠯᠤᠬᠰᠠᠨ ᠵᠠᠮ ᠢ ᠵᠠᠮ ᠴᠠᠭᠠᠨ ᠭᠡᠬᠦ᠂ ᠡᠬᠢᠯᠡᠵᠦ ᠰᠣᠷᠬᠤ ᠲᠤᠯᠤᠭᠠᠢ ᠭᠡᠬᠦ ᠵᠡᠷᠭᠡ ᠨᠢ ᠴᠦᠮ ᠨᠢᠭᠡ | ᠵᠦᠢᠯ ᠤᠨ ᠰᠣᠶᠣᠯ ᠰᠡᠳᠬᠢᠭᠦᠢ ᠶᠢᠨ ᠢᠯᠡᠷᠡᠯ ᠶᠤᠮ᠃ ᠵᠠᠷᠢᠮ ᠭᠠᠵᠠᠷ ᠦᠬᠦᠭᠰᠡᠨ ᠬᠦᠮᠦᠨ ᠤ ᠰᠦᠨᠡᠰᠦ ᠶᠢ ᠴᠠᠭᠠᠨ ᠮᠦᠷ ᠢᠶᠠᠷ ᠶᠠᠪᠤᠯ᠎ᠠ ᠭᠡᠵᠦ ᠦᠵᠡᠳᠡᠭ ᠠᠴᠠ | ᠬᠡᠬᠦᠷ ᠦᠩᠭᠡᠷᠡᠭᠰᠡᠨ ᠭᠠᠵᠠᠷ ᠢᠶᠠᠷ ᠨᠢ ᠴᠠᠭᠠᠨ ᠪᠤᠳᠠᠭ᠎ᠠ ᠠᠰᠬᠠᠳᠠᠭ᠃ ᠭᠠᠵᠠᠷ ᠤᠨ ᠨᠡᠷᠡᠰ ᠲᠤ ︽ᠬᠠᠷ᠎ᠠ︾ ᠭᠡᠬᠦ ᠦᠭᠡ ᠣᠷᠣᠬᠰᠠᠨ ᠵᠦᠢᠯ ᠴᠦᠬᠡᠨ ᠪᠠᠶᠢᠬᠤ ᠳᠤ | ︽ᠴᠠᠭᠠᠨ︾ ᠲᠠᠢ ᠨᠡᠷᠡᠰ ᠬᠠᠷᠢᠴᠠᠩᠭᠤᠢ ᠪᠠᠷ ᠣᠯᠠᠨ ᠪᠠᠶᠢᠳᠠᠭ᠃ ᠲᠤᠬᠠᠶᠢᠯᠠᠪᠠᠯ ᠴᠠᠭᠠᠨ ᠡᠷᠬᠢ᠂ ᠴᠠᠭᠠᠨ ᠲᠤᠯᠤᠭᠠᠢ᠂ ᠴᠠᠭᠠᠨ ᠪᠤᠯᠠᠭ᠂ ᠴᠠᠭᠠᠨ ᠳᠠᠷᠠᠰᠤ᠂ ᠴᠠᠭᠠᠨ | ᠨᠤᠭᠤᠷ᠂ ᠴᠠᠭᠠᠨ ᠮᠦᠷᠡᠨ᠂ ᠴᠠᠭᠠᠨ ᠬᠠᠳᠠ᠂ ᠴᠠᠭᠠᠨ ᠱᠤᠪᠬᠤ᠂ ᠨᠠᠢᠮᠠᠨ ᠴᠠᠭᠠᠨ᠂ ᠭᠤᠷᠪᠠᠨ ᠴᠠᠭᠠᠨ᠂ ᠰᠢᠯᠢ ᠶᠢᠨ ᠴᠠᠭᠠᠨ ᠮᠠᠩᠬ᠎ᠠ ᠭᠡᠬᠦ ᠮᠡᠲᠦ ᠦᠯᠡᠮᠵᠢ ᠠᠷᠪᠢᠨ | ᠪᠠᠶᠢᠳᠠᠭ᠃ | | |