ᠪᠤᠱᠤᠭ᠎ᠠ ᠠᠯᠬᠤᠬᠤ ᠶᠤᠰᠤᠨ
ᠨᠡᠶᠢᠲᠡᠯᠡᠭᠰᠡᠨ ᠴᠠᠭ᠄
2023/6/15
      ᠠᠶᠢᠯ ᠤᠨ ᠪᠤᠱᠤᠭ᠎ᠠ ᠶᠢ ᠠᠯᠬᠤᠨ ᠣᠷᠣᠬᠤ ᠳᠤ ᠬᠤᠯᠪᠤᠬᠳᠠᠬᠤ ᠵᠠᠩᠰᠢᠯ᠃ ᠪᠤᠱᠤᠭ᠎ᠠ ᠠᠯᠬᠤᠨ ᠣᠷᠣᠬᠤ ᠳᠤ ᠪᠤᠱᠣᠭᠠᠨ ᠳᠤ ᠬᠦᠯ ᠢᠶᠠᠨ ᠬᠦᠷᠭᠡᠵᠦ ᠪᠤᠯᠬᠤ ᠦᠭᠡᠢ ᠪᠦᠭᠡᠳ ᠣᠷᠢᠳᠠ ᠪᠠᠷ ᠪᠠᠷᠠᠭᠤᠨ ᠬᠦᠯ ᠢᠶᠠᠷ ᠠᠯᠬᠤᠵᠦ ᠣᠷᠣᠳᠠᠭ ᠶᠤᠰᠤ ᠲᠠᠢ᠃ ᠬᠡᠷᠡᠭᠦᠯ ᠵᠤᠳᠤᠭᠠᠨ ᠬᠢᠬᠦ᠂ ᠦᠷᠢ ᠰᠢᠷᠢ ᠨᠡᠬᠡᠬᠦ ᠬᠦᠮᠦᠨ ᠪᠣᠯ ᠰᠠᠶ᠋ᠢ ᠣᠷᠢᠳᠠ ᠪᠠᠷ ᠵᠡᠭᠦᠨ ᠬᠦᠯ ᠢᠶᠠᠷ ᠠᠯᠬᠤᠨ ᠣᠷᠣᠳᠠᠭ ᠣᠴᠢᠷ ᠠᠴᠠ ᠵᠡᠭᠦᠨ ᠬᠦᠯ ᠢᠶᠠᠷ ᠠᠯᠬᠤᠨ ᠣᠷᠣᠬᠤ ᠶᠢ ᠴᠡᠭᠡᠷᠯᠡᠳᠡᠭ᠃ ᠵᠠᠷᠢᠮ ᠭᠠᠵᠠᠷ ᠪᠠᠰᠠ ᠪᠠᠷᠠᠭᠤᠨ ᠬᠦᠯ ᠢᠶᠠᠷ ᠠᠯᠬᠤᠵᠦ ᠣᠷᠣᠬᠤ ᠶᠢ ᠴᠡᠭᠡᠷᠯᠡᠵᠦ᠂ ᠣᠷᠢᠳᠠ ᠪᠠᠷ ᠵᠡᠭᠦᠨ ᠬᠦᠯ ᠢᠶᠠᠷ ᠠᠯᠬᠤᠨ ᠣᠷᠣᠳᠠᠭ ᠴᠦ ᠪᠤᠢ᠃ ᠪᠤᠱᠤᠭ᠎ᠠ ᠶᠢ ᠵᠡᠭᠦᠨ᠂ ᠪᠠᠷᠠᠭᠤᠨ᠂ ᠭᠤᠤᠯ ᠭᠡᠵᠦ ᠬᠤᠪᠢᠶᠠᠭᠠᠳ ᠶᠡᠷᠦ ᠶᠢᠨ ᠪᠠᠶᠢᠳᠠᠯ ᠳᠤ ᠡᠩ ᠤᠨ ᠬᠦᠮᠦᠨ ᠪᠤᠱᠣᠭᠠᠨ ᠤ ᠵᠡᠭᠦᠨ ᠲᠠᠯ᠎ᠠ ︵ᠵᠦᠪ ᠲᠠᠯ᠎ᠠ︶ ᠪᠠᠷ ᠠᠯᠬᠤᠨ ᠣᠷᠣᠳᠠᠭ᠃ ᠡᠷᠲᠡ ᠦᠶ᠎ᠡ ᠳᠡᠭᠡᠨ ᠬᠠᠭᠠᠨ᠂ ᠢᠵᠠᠭᠤᠷᠲᠠᠨ ᠡᠭᠦᠳᠡ ᠭᠤᠤᠯᠯᠠᠨ ᠪᠤᠱᠤᠭᠠᠨ ᠤ ᠭᠤᠤᠯ ᠳᠣᠮᠳᠠᠭᠤᠷ ᠠᠯᠬᠤᠨ ᠣᠷᠣᠳᠠᠭ ᠪᠠᠶᠢᠵᠠᠢ᠃ ᠶᠠᠮᠠᠷ ᠴᠦ ᠬᠦᠮᠦᠨ ᠪᠤᠱᠤᠭᠠᠨ ᠤ ᠪᠠᠷᠠᠭᠤᠨ ᠲᠠᠯ᠎ᠠ ︵ᠪᠤᠷᠤᠭᠤ ᠲᠠᠯ᠎ᠠ︶ ᠶᠢ ᠪᠠᠷᠢᠵᠦ ᠣᠷᠣᠵᠦ ᠪᠤᠯᠳᠠᠭ ᠦᠭᠡᠢ᠃ ᠦᠨᠳᠦᠷ ᠨᠠᠰᠣᠲᠠᠢ ᠬᠦᠨᠳᠦᠲᠦ ᠵᠤᠴᠢᠨ ᠠᠶᠢᠯ ᠳᠤ ᠪᠤᠱᠤᠭ᠎ᠠ ᠠᠯᠬᠤᠨ ᠣᠷᠣᠬᠤ ᠳᠠᠭᠠᠨ ᠪᠠᠷᠠᠭᠤᠨ ᠭᠠᠷ ᠢᠶᠠᠷ ᠢᠶᠠᠨ ᠲᠤᠲᠤᠭᠤ ᠶᠢᠨ ᠬᠢᠨᠢ ᠲᠤᠤᠷ᠎ᠠ ᠲᠠᠯ᠎ᠠ ᠠᠴᠠ ᠳᠡᠭᠡᠵᠢᠯᠡᠭᠡᠳ ᠣᠷᠣᠳᠠᠭ ᠵᠠᠩᠰᠢᠯ ᠲᠠᠢ᠃ ᠪᠤᠱᠤᠭ᠎ᠠ ᠪᠠᠷ ᠰᠠᠪᠠᠭ᠎ᠠ ᠦᠭᠡᠶᠢᠳᠡᠨ ᠮᠦᠯᠬᠦᠵᠦ ᠣᠷᠣᠬᠤ᠂ ᠳᠦᠷᠪᠡᠨ ᠬᠦᠯᠯᠡᠨ ᠣᠷᠣᠬᠤ ᠶᠢ ᠴᠡᠭᠡᠷᠯᠡᠨ᠎ᠡ᠂ ᠵᠦᠷᠢᠴᠡᠪᠡᠯ ᠣᠷᠣᠨ ᠭᠡᠷ ᠡᠵᠡᠭᠦ᠋ᠢᠷᠡᠬᠦ ᠮᠠᠭᠤ ᠢᠷᠸ᠎ᠠ ᠳᠠᠭᠤᠳᠠᠯ᠎ᠠ ᠭᠡᠳᠡᠭ᠃ ᠪᠤᠱᠤᠭ᠎ᠠ ᠶᠢᠨ ᠳᠡᠭᠡᠷ᠎ᠡ ᠬᠢᠰᠬᠢᠬᠦ᠂ ᠳᠠᠮᠨᠠᠨ ᠵᠤᠬᠰᠣᠬᠤ ᠶᠢ ᠴᠡᠭᠡᠷᠯᠡᠨ᠎ᠡ᠂ ᠬᠢᠰᠬᠢᠪᠡᠯ ᠡᠭᠦᠳᠡᠨ ᠵᠠᠶᠠᠭᠠᠨ ᠳᠤ ᠮᠠᠭᠤ ᠬᠡᠬᠦ ᠪᠤᠶᠤ ᠦᠰᠢᠶ᠎ᠡ ᠬᠤᠨᠵᠢᠩ ᠡᠪᠦᠷᠯᠡᠪᠡ ᠭᠡᠳᠡᠭ᠃ ᠳᠠᠮᠨᠠᠨ ᠵᠤᠬᠰᠣᠪᠠᠯ ᠦᠯᠦ ᠬᠦᠨᠳᠦᠳᠭᠡᠪᠡ᠂ ᠣᠷᠣᠵᠦ ᠭᠠᠷᠬᠤ ᠳᠤ ᠰᠠᠭᠠᠳ ᠪᠤᠯᠪᠠ ᠭᠡᠳᠡᠭ᠃  
ᠢᠷᠡᠯᠲᠡ᠄ ᠮᠤᠩᠭᠤᠯ ᠵᠠᠩ ᠦᠢᠯᠡ ᠶᠢᠨ ᠨᠡᠪᠲᠡᠷᠬᠡᠢ ᠲᠤᠯᠢ