| ᠮᠤᠩᠭᠤᠯ ᠬᠦᠮᠦᠨ ᠡᠷᠲᠡ ᠢᠵᠠᠭᠤᠷ ᠠᠴᠠ ᠴᠠᠭᠠᠨ ᠦᠩᠭᠡ ᠶᠢ ᠡᠷᠬᠢᠮᠯᠡᠳᠡᠭ᠃ ᠮᠤᠩᠭᠤᠯ ᠬᠦᠮᠦᠨ ᠡᠷᠲᠡᠨ ᠤ ᠴᠠᠭᠠᠨ ᠳ᠋ᠢᠴᠣᠣᠯ ᠠᠴᠠ ᠢᠷᠡᠯ ᠲᠠᠢ ᠲᠤᠯᠠ ᠴᠠᠭᠠᠨ | ᠦᠩᠭᠡ ᠶᠢ ᠡᠷᠬᠢᠮ ᠳᠤ ᠦᠵᠡᠳᠡᠭ ᠭᠡᠵᠦ ᠵᠠᠷᠢᠮ ᠡᠷᠳᠡᠮᠳᠡᠨ ᠰᠢᠨᠵᠢᠯᠡᠭᠰᠡᠨ ᠪᠠᠶᠢᠨ᠎ᠠ᠃ ᠮᠤᠩᠭᠤᠯ ᠤᠨ ᠬᠠᠭᠠᠨᠲᠤ ᠲᠦᠷᠦ ᠶᠢᠨ ᠲᠤᠭ ᠰᠦᠯᠲᠡ ᠨᠢ ᠴᠠᠭᠠᠨ ᠦᠩᠭᠡ ᠲᠠᠢ | ᠪᠠᠶᠢᠵᠠᠢ᠃ ᠮᠤᠩᠭᠤᠯᠴᠤᠳ ᠪᠢᠯᠢᠭ ᠤᠨ ᠣᠯᠠᠷᠢᠯ ᠤᠨ ᠨᠢᠭᠡ ᠰᠠᠷ᠎ᠠ ᠶᠢ ᠴᠠᠭᠠᠨ ᠰᠠᠷ᠎ᠠ ᠭᠡᠳᠡᠭ᠃ ᠶᠡᠷᠦ ᠨᠢ ᠬᠠᠭᠤᠴᠢ ᠰᠣᠳᠣᠯᠣᠯ ᠤᠨ ᠪᠠᠷᠢᠮᠲᠠ ᠠᠴᠠ ᠴᠦ ᠡᠨᠡ | ᠲᠤᠬᠠᠢ ᠲᠠᠢ ᠵᠦᠢᠯᠡᠰ ᠢᠯᠡᠷᠡᠭᠰᠡᠭᠡᠷ ᠪᠤᠢ᠂ ᠲᠤᠬᠠᠶᠢᠯᠠᠪᠠᠯ ᠶᠣᠸᠠᠨ ᠣᠯᠣᠰ ᠤᠨ ᠵᠢᠨᠢᠩ ᠴᠦᠯᠭᠡ ᠶᠢᠨ ᠪᠠᠭᠤᠷᠢ ᠠᠴᠠ ᠮᠠᠯᠲᠠᠵᠦ ᠭᠠᠷᠭᠠᠬᠰᠠᠨ ᠲᠡᠤᠬᠡ ᠶᠢᠨ ᠳᠣᠷᠠᠰᠬᠠᠯᠲᠤ | ᠵᠦᠢᠯ ᠳᠤ ᠴᠠᠭᠠᠨ ᠱᠠᠭᠠᠵᠠᠩ ᠶᠢᠨ ᠦᠢᠯᠡᠳᠦᠭᠰᠡᠨ ᠬᠡᠪᠲᠡᠭᠡ ᠬᠦᠮᠦᠨ᠂ ᠴᠠᠭᠠᠨ ᠱᠠᠭᠠᠵᠠᠩ ᠨᠤᠬᠠᠢ᠂ ᠴᠠᠭᠠᠨ ᠱᠠᠭᠠᠵᠠᠩ ᠬᠤᠨᠢ ᠭᠠᠷᠴᠠᠢ᠃ ᠮᠤᠩᠭᠤᠯᠴᠤᠳ ᠵᠤᠴᠢᠨ | ᠣᠬᠲᠤᠬᠤ ᠳᠠᠭᠠᠨ ᠢᠰᠡᠭᠡᠢ ᠳᠡᠪᠢᠰᠦᠨ ᠴᠠᠭᠠᠨ ᠬᠠᠳᠠᠭ ᠢᠶᠠᠷ ᠰᠢᠨᠡᠯᠡᠵᠦ᠂ ᠴᠠᠭᠠᠨ ᠢᠳᠡᠭᠡ ᠠᠮᠰᠠᠭᠤᠯᠳᠠᠭ᠃ ᠡᠷᠲᠡ ᠴᠠᠭ ᠲᠤ ᠮᠤᠩᠭᠤᠯ ᠬᠦᠮᠦᠨ ᠴᠠᠭᠠᠨ ᠦᠩᠭᠡ ᠶᠢ | ᠡᠷᠬᠢᠮᠯᠡᠵᠦ ᠪᠠᠶᠢᠬᠰᠠᠨ ᠲᠣᠬᠠᠢ ᠮᠡᠳᠡᠭᠡ ︽ᠮᠠᠷᠺᠦ ᠫᠣᠯᠣ ᠶᠢᠨ ᠵᠢᠭᠤᠯᠴᠢᠯᠠᠯ ᠤᠨ ᠲᠡᠮᠳᠡᠭᠯᠡᠯ︾ ᠳᠤ ᠳᠣᠰᠬᠠᠬᠳᠠᠵᠦ ᠪᠤᠢ᠃ ᠲᠡᠷᠡ ᠦᠶᠡᠰ ᠴᠠᠭᠠᠨ ᠰᠠᠷ᠎ᠠ ᠪᠤᠯᠤᠮᠠᠬᠴᠠ ᠶᠡᠭᠡ | ᠬᠠᠭᠠᠨ ᠠᠴᠠ ᠡᠬᠢᠯᠡᠨ ᠡᠭᠡᠯ ᠠᠷᠠᠳ ᠬᠦᠷᠲᠡᠯ᠎ᠡ ᠴᠦᠮ ᠴᠠᠭᠠᠨ ᠬᠤᠪᠴᠠᠰᠤ ᠡᠮᠦᠰᠦᠨ ᠴᠠᠭᠠᠨ ᠦᠩᠭᠡ ᠶᠢᠨ ᠪᠡᠯᠡᠭ ᠬᠦᠷᠭᠡᠯᠴᠡᠳᠡᠭ ᠪᠠᠶᠢᠵᠠᠢ᠃ ᠮᠤᠩᠭᠤᠯᠴᠤᠳ ᠪᠠᠶᠠᠷ | ᠳᠣᠷᠠᠰᠬᠠᠯ ᠤᠨ ᠡᠳᠦᠷ ᠲᠤ ᠴᠠᠭᠠᠨ ᠢ ᠡᠮᠦᠰᠳᠡᠭ ᠵᠠᠩᠰᠢᠯ ᠣᠳᠣ ᠪᠤᠯᠲᠠᠯ᠎ᠠ ᠬᠠᠳᠠᠭᠠᠯᠠᠬᠳᠠᠵᠦ ᠪᠠᠶᠢᠳᠠᠭ᠃ ᠴᠠᠭᠠᠨ ᠦᠩᠭᠡ ᠶᠢ ᠰᠦ ᠲᠠᠢ ᠠᠳᠠᠯᠢᠬᠠᠨ ᠪᠡᠯᠭᠡᠰᠢᠶᠡᠳᠡᠭ ᠠᠴᠠ | ᠮᠤᠩᠭᠤᠯᠴᠤᠳ ᠤᠨ ᠬᠦᠨᠳᠦᠳᠭᠡᠯ ᠪᠡᠯᠡᠭ ᠤᠨ ᠵᠦᠢᠯ ᠳᠤ ︽ᠶᠢᠰᠦᠨ ᠴᠠᠭᠠᠨ︾ ᠢ ᠡᠷᠬᠢᠮᠯᠡᠵᠦ᠂ ᠶᠢᠰᠦᠨ ᠴᠠᠭᠠᠨ ᠤ ᠪᠡᠯᠡᠭ ᠢ ᠬᠦᠷᠭᠡᠯᠴᠡᠳᠡᠭ ᠪᠦᠭᠡᠳ ᠴᠢᠨᠠᠬᠰᠢᠯᠠᠪᠠᠯ | ᠶᠢᠰᠦ ᠶᠢᠨ ᠶᠢᠰᠦ ᠳᠠᠬᠢᠨ ᠤ ᠲᠤᠭ᠎ᠠ — — ᠨᠠᠶᠠᠨ ᠨᠢᠭᠡ ᠶᠢᠨ ᠪᠡᠯᠡᠭ ᠢᠶᠠᠷ ᠬᠡᠯᠡᠯᠴᠡᠬᠦ ᠶᠠᠪᠤᠳᠠᠯ ᠲᠠᠢ᠃ ᠬᠠᠷᠠᠴᠦ ᠢᠷᠭᠡᠨ ᠬᠠᠭᠠᠨ ᠤ ᠦᠬᠢᠨ ᠢ ᠰᠦᠢᠯᠡᠬᠦ ᠪᠤᠯᠪᠠᠴᠤ | ᠴᠠᠭᠠᠨ ᠲᠡᠮᠡᠭᠡ ᠮᠦᠩᠭᠦᠨ ᠪᠤᠶᠢᠯᠠ ᠲᠠᠢ᠂ ᠴᠠᠭᠠᠨ ᠮᠤᠷᠢ ᠪᠤᠯᠠᠭᠠᠨ ᠮᠤᠯᠴᠤᠭ ᠲᠠᠢ ᠪᠡᠯᠡᠭ ᠲᠤᠰᠢᠶᠠᠬᠤ ᠬᠡᠷᠡᠭᠲᠡᠢ ᠭᠡᠵᠦ ︽ᠬᠠᠯᠬ᠎ᠠ ᠵᠢᠷᠦᠮ︾ ᠳᠤ ᠲᠤᠳᠤᠷᠬᠠᠢ ᠲᠡᠮᠳᠡᠭᠯᠡᠵᠦ | ᠪᠠᠶᠢᠳᠠᠭ᠃ ᠮᠤᠩᠭᠤᠯᠴᠤᠳ ᠶᠡᠷᠦ ᠠᠴᠠ ᠮᠦᠩᠭᠦᠨ ᠪᠤᠶᠢᠯᠠ ᠲᠠᠢ ᠴᠠᠭᠠᠨ ᠲᠡᠮᠡᠭᠡ ᠪᠠᠷ ᠲᠡᠷᠢᠭᠦᠨ ᠪᠦᠬᠡ ᠪᠠᠨ ᠱᠠᠩᠨᠠᠳᠠᠭ ᠵᠤᠷᠰᠢᠯ ᠲᠦᠭᠡᠮᠡᠯ ᠪᠠᠶᠢᠵᠠᠢ᠃ ᠮᠤᠩᠭᠤᠯ ᠤᠨ | ᠬᠠᠭᠠᠨᠲᠤ ᠣᠯᠣᠰ ᠤᠨ ᠦᠶ᠎ᠡ ᠳᠤ ᠮᠤᠩᠭᠤᠯᠴᠣᠳ ᠶᠡᠭᠡ ᠬᠠᠭᠠᠨ ᠳᠠᠭᠠᠨ ᠠᠷᠪᠠᠨ ᠲᠦᠮᠡ ᠪᠠᠷ ᠴᠠᠭᠠᠨ ᠮᠤᠷᠢ ᠬᠦᠷᠭᠡᠳᠡᠭ ᠪᠠᠶᠢᠬᠰᠠᠨ ᠪᠦᠭᠡᠳ ᠴᠠᠭᠠᠨ ᠬᠡᠭᠦᠦ ᠶᠢᠨ ᠰᠦᠷᠦᠭ | ᠵᠠᠮ ᠢᠶᠠᠷ ᠦᠩᠭᠡᠷᠡᠬᠦ ᠳᠣᠬᠢᠶᠠᠯᠳᠣᠪᠠᠯ ᠢᠵᠠᠭᠤᠷᠲᠠᠨ ᠨᠤᠶᠠᠳ ᠪᠠᠶᠢᠬᠰᠠᠨ ᠴᠦ ᠳᠤᠮᠳᠠᠭᠤᠷ ᠨᠢ ᠵᠦᠰᠦᠨ ᠭᠠᠷᠬᠤ ᠶᠢ ᠴᠡᠭᠡᠷᠯᠡᠵᠦ᠂ ᠣᠭ ᠣᠷᠣᠨ ᠳᠠᠭᠠᠨ ᠬᠦᠯᠢᠶᠡᠬᠦ ᠪᠤᠶᠤ | ᠲᠤᠭᠤᠷᠢᠵᠦ ᠭᠠᠷᠳᠠᠭ ᠶᠤᠰᠤ ᠲᠠᠢ᠃ | ᠮᠤᠩᠭᠤᠯ ᠭᠡᠷ ᠤᠨ ᠡᠳ᠋ᠯᠡᠯ ᠳᠤ ᠴᠠᠭᠠᠨ ᠢ ᠡᠷᠬᠢᠮᠯᠡᠳᠡᠭ ᠶᠤᠰᠤ ᠪᠠᠶᠢᠬᠰᠠᠨ ᠪᠠ ᠣᠨᠴᠠᠭᠠᠶᠢᠯᠠᠨ ᠴᠢᠬᠳᠠᠭ᠎ᠠ ᠶᠢ ᠪᠣᠯ ᠳᠤᠩ ᠴᠠᠭᠠᠨ ᠬᠢᠯᠭᠠᠰᠤ ᠨᠤᠤᠰᠤ ᠪᠠᠷ | ᠬᠢᠴᠢᠶᠡᠩᠭᠦ᠋ᠢᠯᠡᠨ ᠲᠠᠮᠤᠳᠠᠭ ᠵᠤᠷᠰᠢᠯ ᠲᠠᠢ᠃ ᠲᠡᠶᠢᠮᠦ ᠠᠴᠠ ︽ᠮᠢᠩᠭᠠᠨ ᠴᠠᠭᠠᠨ ᠬᠤᠨᠢ ᠲᠠᠢ᠂ ᠮᠦᠩᠭᠦᠨ ᠴᠠᠭᠠᠨ ᠴᠢᠬᠳᠠᠭ᠎ᠠ ᠲᠠᠢ︾ ᠭᠡᠵᠦ ᠮᠤᠩᠭᠤᠯ ᠭᠡᠷ ᠤᠨ | ᠢᠷᠦᠭᠡᠯ ᠳᠤ ᠭᠠᠷᠳᠠᠭ᠃ ᠳᠣᠯᠣᠭᠠᠨ ᠵᠠᠭᠤᠭᠠᠳ ᠵᠢᠯ ᠤᠨ ᠲᠤᠷᠰᠢ᠂ ᠣᠷᠳᠣᠰ ᠤᠨ ᠲᠠᠷᠬᠠᠳ ᠶᠠᠰᠤᠲᠠᠨ ᠴᠢᠩᠬᠢᠰ ᠤᠨ ᠣᠩᠭᠤᠨ ᠢ ᠰᠠᠬᠢᠨ ᠬᠠᠮᠠᠭᠠᠯᠠᠬᠤ ᠳᠠᠭᠠᠨ ︽ᠴᠠᠭᠠᠨ | ᠰᠦᠷᠦᠭ︾ ᠤᠨ ᠳᠠᠶᠢᠯᠭ᠎ᠠ ᠶᠢ ᠬᠠᠮᠤᠭ ᠤᠨ ᠶᠡᠭᠡ ᠳᠠᠶᠢᠯᠭ᠎ᠠ ᠪᠤᠯᠭᠠᠵᠦ᠂ ᠰᠣᠳᠣ ᠴᠢᠩᠬᠢᠰ ᠤᠨ ᠣᠩᠭᠤᠨ ᠬᠦᠯᠦᠭ — — ᠦᠨᠳᠡᠭᠡᠨ ᠴᠠᠭᠠᠨ ᠢ ᠲᠠᠰᠠᠮᠠᠯᠠᠨ ᠲᠠᠬᠢᠵᠦ | ᠂ ᠪᠤᠮᠤᠨ ᠰᠦᠷᠦᠭ ᠤᠨ ᠪᠠᠲᠤ ᠵᠠᠯ᠎ᠠ ᠪᠠᠨ ᠮᠢᠯᠢᠶᠠᠨ ᠶᠡᠷᠡ ᠶᠢᠰᠦᠨ ᠴᠠᠭᠠᠬᠴᠢᠨ ᠭᠡᠭᠦᠦ ᠶᠢᠨ ᠰᠦ ᠪᠠᠷ ᠰᠠᠴᠤᠯᠢ ᠡᠷᠭᠦᠳᠡᠭ᠃ ᠴᠠᠭᠠᠨ ᠢᠰᠡᠭᠡᠢ ᠪᠠᠷ ᠭᠡᠷ ᠢᠶᠠᠨ | ᠪᠦᠷᠢᠶᠡᠰᠦᠯᠡᠳᠡᠭ ᠨᠢ ᠮᠤᠩᠭᠤᠯ ᠬᠦᠮᠦᠨ ᠤ ᠨᠡᠶᠢᠲᠡ ᠶᠢᠨ ᠵᠠᠩ᠃ ᠲᠡᠭᠡᠬᠦ ᠳᠤ ᠰᠢᠨᠡᠬᠡᠨ ᠴᠠᠭᠠᠨ ᠭᠡᠷ ᠲᠠᠢ ᠠᠶᠢᠯ ᠢ ᠪᠠᠶᠠᠨ ᠲᠠᠷᠭᠤᠨ ᠳᠤ ᠲᠤᠭᠠᠴᠠᠳᠠᠭ᠃ ᠮᠤᠩᠭᠤᠯᠴᠤᠳ ︽ | ᠠᠷᠪᠠᠨ ᠴᠠᠭᠠᠨ ᠪᠤᠶᠠᠨ︾ ᠢ ᠡᠷᠬᠢᠮᠯᠡᠨ ︽ᠠᠷᠪᠠᠨ ᠬᠠᠷ᠎ᠠ ᠨᠢᠭᠦᠯ︾ ᠢ ᠲᠡᠪᠴᠢᠳᠡᠭ᠃ ᠴᠠᠭᠠᠨ ᠦᠩᠭᠡ ᠲᠠᠢ ᠠᠯᠢᠪᠠ ᠵᠦᠢᠯ ᠮᠤᠩᠭᠤᠯ ᠬᠦᠮᠦᠨ ᠳᠤ ᠲᠠᠭᠠᠯᠠᠬᠳᠠᠵᠦ | ᠪᠠᠶᠢᠳᠠᠭ᠃ ᠬᠤᠷᠴᠢᠨ ᠨᠤᠲᠤᠭ ᠲᠤ ᠲᠡᠮᠳᠡᠭ ᠦᠭᠡᠢ ᠴᠠᠭᠠᠨ ᠨᠤᠬᠠᠢ ᠶᠢ ᠪᠡᠯᠭᠡ ᠲᠠᠢ ᠪᠠᠷ ᠦᠵᠡᠵᠦ᠂ ᠬᠦᠮᠦᠨ ᠤ ᠲᠦᠷᠦᠯ ᠤᠯᠬᠤ ᠳᠠᠭᠠᠨ ᠣᠶᠢᠷᠠᠳᠴᠦ ᠪᠠᠶᠢᠨ᠎ᠠ ᠭᠡᠳᠡᠭ᠃ | | ᠪᠦᠬᠡ ᠶᠢᠨ ᠱᠠᠰᠢᠨ ᠤ ᠪᠠᠷᠠᠭᠤᠨ ᠲᠠᠪᠢᠨ ᠲᠠᠪᠤᠨ ᠲᠡᠭᠷᠢ ᠶᠢᠨ ᠳᠤᠲᠤᠷ᠎ᠠ ᠴᠠᠭᠠᠨ ᠦᠩᠭᠡ ᠪᠠᠷ ᠨᠡᠷᠡᠯᠡᠭᠳᠡᠭᠰᠡᠨ ᠲᠡᠭᠷᠢ ᠣᠯᠠᠨ ᠪᠠᠶᠢᠳᠠᠭ᠃ ᠵᠢᠱᠢᠶᠡᠯᠡᠪᠡᠯ ᠴᠠᠭᠠᠨ | ᠮᠠᠨᠠᠬᠠᠨ ᠲᠡᠭᠷᠢ᠂ ᠪᠠᠶᠠᠨ ᠴᠠᠭᠠᠨ ᠲᠡᠭᠷᠢ᠂ ᠨᠤᠮᠲᠤ ᠴᠠᠭᠠᠨ ᠲᠡᠭᠷᠢ᠂ ᠰᠢᠳᠣᠷᠭᠤ ᠴᠠᠭᠠᠨ ᠲᠡᠭᠷᠢ᠂ ᠴᠠᠶᠢᠷ ᠴᠠᠭᠠᠨ ᠲᠡᠭᠷᠢ᠂ ᠵᠠᠶᠠᠭᠠᠨ ᠴᠠᠭᠠᠨ ᠲᠡᠭᠷᠢ᠂ ᠴᠠᠭᠠᠨ ᠡᠪᠦᠭᠡᠨ | ᠲᠡᠭᠷᠢ᠂ ᠤᠩᠭᠤᠨ ᠴᠠᠭᠠᠨ ᠲᠡᠭᠷᠢ᠂ ᠣᠶᠣᠭᠠᠷ ᠴᠠᠭᠠᠨ ᠲᠡᠭᠷᠢ ᠭᠡᠬᠦ ᠵᠡᠷᠭᠡ ᠪᠠᠶᠢᠳᠠᠭ᠃ ᠮᠤᠩᠭᠤᠯ ᠬᠦᠮᠦᠨ ᠤ ᠠᠮᠢᠳᠣᠷᠠᠯ ᠳᠤ ᠴᠠᠭᠠᠨ ᠦᠩᠭᠡ ᠨᠢ ᠶᠡᠷᠦ ᠠᠴᠠ ᠣᠯᠠᠨ | ᠶᠠᠩᠵᠦ ᠶᠢᠨ ᠪᠡᠯᠭᠡᠳᠡᠯ ᠢ ᠢᠯᠡᠳᠭᠡᠵᠦ ᠪᠠᠶᠢᠳᠠᠭ᠃ ᠰᠠᠶᠢᠨ ᠰᠠᠨᠠᠭ᠎ᠠ ᠲᠠᠢ ᠬᠦᠮᠦᠨ ᠢ ᠴᠠᠭᠠᠨ ᠰᠡᠳᠬᠢᠯ ᠲᠠᠢ ᠪᠤᠶᠤ ᠴᠠᠶᠢᠯᠭᠠᠨ ᠰᠡᠳᠬᠢᠯ ᠲᠠᠢ ᠭᠡᠬᠦ᠂ ᠠᠭᠤᠯᠠ ᠪᠠᠷᠲᠠᠭ᠎ᠠ | ᠦᠭᠡᠢ ᠲᠡᠭᠰᠢ ᠭᠠᠵᠠᠷ ᠪᠤᠢ ᠪᠤᠯᠤᠬᠰᠠᠨ ᠵᠠᠮ ᠢ ᠵᠠᠮ ᠴᠠᠭᠠᠨ ᠭᠡᠬᠦ᠂ ᠡᠬᠢᠯᠡᠵᠦ ᠰᠣᠷᠬᠤ ᠲᠤᠯᠤᠭᠠᠢ ᠭᠡᠬᠦ ᠵᠡᠷᠭᠡ ᠨᠢ ᠴᠦᠮ ᠨᠢᠭᠡ ᠵᠦᠢᠯ ᠤᠨ ᠰᠣᠶᠣᠯ ᠰᠡᠳᠬᠢᠭᠦᠢ ᠶᠢᠨ | ᠢᠯᠡᠷᠡᠯ ᠶᠤᠮ᠃ ᠵᠠᠷᠢᠮ ᠭᠠᠵᠠᠷ ᠦᠬᠦᠭᠰᠡᠨ ᠬᠦᠮᠦᠨ ᠤ ᠰᠦᠨᠡᠰᠦ ᠶᠢ ᠴᠠᠭᠠᠨ ᠮᠦᠷ ᠢᠶᠠᠷ ᠶᠠᠪᠤᠯ᠎ᠠ ᠭᠡᠵᠦ ᠦᠵᠡᠳᠡᠭ ᠠᠴᠠ ᠬᠡᠬᠦᠷ ᠦᠩᠭᠡᠷᠡᠭᠰᠡᠨ ᠭᠠᠵᠠᠷ ᠢᠶᠠᠷ ᠨᠢ ᠴᠠᠭᠠᠨ | ᠪᠤᠳᠠᠭ᠎ᠠ ᠠᠰᠬᠠᠳᠠᠭ᠃ ᠭᠠᠵᠠᠷ ᠤᠨ ᠨᠡᠷᠡᠰ ᠲᠤ ︽ᠬᠠᠷ᠎ᠠ︾ ᠭᠡᠬᠦ ᠦᠭᠡ ᠣᠷᠣᠬᠰᠠᠨ ᠵᠦᠢᠯ ᠴᠦᠬᠡᠨ ᠪᠠᠶᠢᠬᠤ ᠳᠤ ︽ᠴᠠᠭᠠᠨ︾ ᠲᠠᠢ ᠨᠡᠷᠡᠰ ᠬᠠᠷᠢᠴᠠᠩᠭᠤᠢ ᠪᠠᠷ ᠣᠯᠠᠨ | ᠪᠠᠶᠢᠳᠠᠭ᠃ ᠲᠤᠬᠠᠶᠢᠯᠠᠪᠠᠯ ᠴᠠᠭᠠᠨ ᠡᠷᠬᠢ᠂ ᠴᠠᠭᠠᠨ ᠲᠤᠯᠤᠭᠠᠢ᠂ ᠴᠠᠭᠠᠨ ᠪᠤᠯᠠᠭ᠂ ᠴᠠᠭᠠᠨ ᠳᠠᠷᠠᠰᠤ᠂ ᠴᠠᠭᠠᠨ ᠨᠤᠭᠤᠷ᠂ ᠴᠠᠭᠠᠨ ᠮᠦᠷᠡᠨ᠂ ᠴᠠᠭᠠᠨ ᠬᠠᠳᠠ᠂ ᠴᠠᠭᠠᠨ | ᠱᠤᠪᠬᠤ᠂ ᠨᠠᠢᠮᠠᠨ ᠴᠠᠭᠠᠨ᠂ ᠭᠤᠷᠪᠠᠨ ᠴᠠᠭᠠᠨ᠂ ᠰᠢᠯᠢ ᠶᠢᠨ ᠴᠠᠭᠠᠨ ᠮᠠᠩᠬ᠎ᠠ ᠭᠡᠬᠦ ᠮᠡᠲᠦ ᠦᠯᠡᠮᠵᠢ ᠠᠷᠪᠢᠨ ᠪᠠᠶᠢᠳᠠᠭ᠃ | | |