ᠳᠠᠯᠤ ᠶᠢᠨ ᠲᠥᠯᠭᠡ ᠦᠵᠡᠬᠦ ᠨᠢ ᠪᠠᠰᠠᠴᠤ ᠮᠤᠩᠭᠤᠯ ᠦᠨᠳᠦᠰᠦᠳᠡᠨ ᠤ ᠰᠦᠰᠦᠭ ᠪᠢᠰᠢᠷᠠᠯ ᠤᠨ ᠨᠢᠭᠡ ᠵᠦᠢᠯ ᠪᠣᠯᠣᠨ᠎ᠠ᠃ ᠪᠠᠭᠠᠷᠢᠨ ᠪᠣᠯᠣᠨ ᠬᠡᠰᠢᠭᠳᠡᠨ | ᠬᠤᠰᠢᠭᠤᠨ ᠤ ᠠᠷᠠᠳ ᠤᠨ ᠲᠤᠮᠳᠠ ᠳᠠᠯᠤ ᠶᠢᠨ ᠲᠥᠯᠭᠡ᠂ ᠬᠢᠯᠭᠠᠰᠤᠨ ᠲᠥᠯᠭᠡ ᠦᠵᠡᠬᠦ ᠵᠠᠩᠰᠢᠯ ᠣᠳᠤ ᠪᠣᠯᠳᠠᠯ᠎ᠠ ᠤᠯᠠᠮᠵᠢᠯᠠᠭᠳᠠᠭᠰᠠᠭᠠᠷ ᠶᠤᠮ᠃ ᠲᠠᠯᠣ ᠶᠢᠨ | ᠲᠥᠯᠭᠡ ᠳᠤ ᠬᠤᠶᠠᠷ ᠵᠦᠢᠯ ᠪᠠᠶᠢᠳᠠᠭ᠄ ᠨᠢᠭᠡ ᠨᠢ ᠴᠠᠭᠠᠨ ᠳᠠᠯᠤ ᠶᠢᠨ ᠲᠥᠯᠭᠡ ᠪᠣᠯᠤᠨ᠎ᠠ᠃ ᠰᠢᠳᠦ ᠬᠢᠮᠣᠰᠤ ᠬᠦᠷᠭᠡᠯ ᠦᠭᠡᠢ ᠪᠠᠷ ᠨᠠᠷᠢᠨ ᠨᠢᠮᠪᠠᠢ ᠱᠤᠯᠤᠭᠰᠠᠨ | ᠬᠤᠨᠢᠨ ᠤ ᠳᠠᠯᠤ ᠶᠢᠨ ᠡᠯ᠎ᠠ ᠬᠡᠰᠡᠭ ᠢ ᠠᠵᠢᠭᠯᠠᠵᠤ ᠲᠥᠯᠭᠡ ᠦᠵᠡᠭᠦᠯᠦᠭᠴᠢ ᠶᠢᠨ ᠢᠷᠡᠭᠡᠳᠦᠢ ᠶᠢ ᠲᠦᠰᠦᠭᠡᠯᠡᠳᠡᠭ᠃ ᠳᠠᠯᠤ ᠶᠢᠨ ᠲᠣᠭᠤᠭ᠎ᠠ ︵ᠳᠠᠯᠤ ᠶᠢᠨ | ᠪᠤᠭᠤᠯᠤᠭ ᠴᠢᠮᠤᠬᠡ ᠲᠠᠢ ᠵᠠᠯᠭᠠᠯᠳᠤᠵᠤ ᠪᠠᠶᠢᠭ᠎ᠠ ᠬᠡᠰᠡᠭ ᠤᠨ ᠬᠤᠨᠳᠠᠭ᠎ᠠ ᠰᠢᠭ᠋ ᠬᠤᠳᠤᠭᠤᠷ ᠢ ᠳᠣᠭᠤᠭ᠎ᠠ ᠭᠡᠳᠡᠭ︶ ᠨᠢ ᠭᠦᠨ ᠪᠣᠯ ᠠᠵᠤ ᠠᠮᠢᠳᠦᠷᠠᠯ ᠨᠢ ᠡᠯᠪᠡᠭ | ᠲᠡᠯᠪᠡᠭ ᠪᠠᠶᠠᠨ ᠪᠠᠶᠢᠳᠠᠭ᠂ ᠲᠣᠭᠤᠭ᠎ᠠ ᠨᠢ ᠲᠡᠭᠰᠢᠭᠡᠨ ᠪᠣᠯ ᠭᠡᠷ ᠤᠨ ᠡᠵᠡᠨ ᠤ ᠪᠠᠶᠢᠳᠠᠯ ᠲᠡᠮᠡᠢ ᠰᠠᠶᠢᠨ ᠪᠢᠰᠢ᠂ ᠭᠡᠷ ᠤᠨ ᠠᠵᠤ ᠠᠮᠢᠳᠦᠷᠠᠯ ᠨᠢ ᠠᠨᠠᠢ ᠠᠷᠭᠠᠴᠠᠭᠠᠨ | ᠦᠩᠭᠡᠷᠡᠭᠦᠯᠭᠦ ᠰᠢᠨᠵᠢ ᠲᠡᠮᠳᠡᠭ ᠢ ᠵᠢᠭᠠᠳᠠᠭ᠃ ᠣᠮᠤᠭ ᠰᠦᠷ ︵ᠳᠠᠯᠤ ᠶᠢᠨ ᠲᠣᠭᠤᠭ᠎ᠠ ᠲᠡᠰᠢ ᠪᠣᠰᠣᠭᠰᠠᠨ ᠰᠡᠵᠢᠭᠦᠷᠳᠦ ᠬᠡᠰᠡᠭ︶ ᠬᠤᠷᠴᠠ ᠬᠢᠷ᠎ᠠ ᠶᠢᠨ ᠬᠡᠯᠪᠡᠷᠢᠳᠡᠢ | ᠲᠦᠷᠢᠨ ᠭᠠᠷᠤᠭᠰᠠᠨ ᠪᠠᠶᠢᠪᠠᠯ ᠤᠮᠤᠭ ᠰᠦᠷ ᠨᠢ ᠪᠠᠳᠠᠷᠠᠩᠭᠤᠢ ᠮᠠᠯ ᠰᠦᠷᠦᠭ ᠨᠢ ᠦᠨᠢᠷ ᠥᠰᠳᠡᠭ᠂ ᠬᠢᠷ᠎ᠠ ᠬᠠᠮᠠᠷ ᠨᠢ ᠬᠤᠷᠴᠠ ᠪᠤᠯᠪᠠᠴᠦ ᠵᠢᠵᠢᠭ ᠨᠢᠳᠦ ︵ᠨᠦᠭᠡ | ︶ ᠭᠠᠷᠤᠭᠰᠠᠨ ᠪᠣᠯ ᠮᠠᠯ ᠰᠦᠷᠦᠭ ᠨᠢ ᠡᠯ᠎ᠡ ᠵᠦᠢᠯ ᠤᠨ ᠭᠠᠢ ᠭᠠᠮᠰᠢᠭ ᠲᠠᠭᠠᠷᠢᠯᠳᠠ ᠳᠤ ᠤᠴᠠᠷᠠᠬᠤ ᠶᠢ ᠬᠠᠷᠠᠭᠤᠯᠵᠤ᠂ ᠬᠢᠷ᠎ᠠ ᠬᠠᠮᠠᠷ ᠨᠢ ᠪᠣᠭᠤᠨᠢ ᠪᠤᠶᠤ | ᠮᠢᠲᠠᠷᠠᠭᠰᠠᠨ ᠪᠠᠶᠢᠪᠠᠯ ᠭᠡᠷ ᠤᠨ ᠠᠮᠢᠳᠤᠷᠠᠯ ᠪᠠᠶᠢᠳᠠᠯ ᠳᠣᠷᠦ᠋ᠢᠲᠠᠬᠤ ᠶᠢᠨ ᠰᠢᠨᠵᠢ ᠪᠣᠯᠣᠨ᠎ᠠ᠃ ᠬᠤᠶᠠᠷ ᠨᠢ ᠰᠢᠲᠠᠭᠠᠭᠰᠠᠨ ᠳᠠᠯᠣ ᠶᠢᠨ ᠲᠥᠯᠭᠡ᠄ ᠤᠯᠠᠩᠬᠢ ᠳᠤ ᠪᠠᠨ | ᠶᠠᠭᠤᠮ᠎ᠠ ᠪᠠᠨ ᠭᠡᠭᠡᠭᠰᠡᠨ ᠪᠣᠶᠤ ᠡᠳ᠋ ᠪᠣᠳᠠᠰ ᠢᠶᠠᠨ ᠬᠤᠯᠠᠭᠠᠶᠢᠯᠠᠭᠳᠠᠪᠠᠯ ᠡᠷᠢᠵᠤ ᠣᠯᠬᠤ ᠡᠰᠡᠬᠦ ᠶᠢᠨ ᠲᠤᠬᠠᠢ ᠦᠵᠡᠭᠦᠯᠳᠡᠭ᠃ ᠬᠤᠨᠢ ᠶᠢᠨ ᠳᠠᠯᠤ ᠶᠢᠨ ᠶᠠᠰᠤ ᠶᠢ | ᠴᠢᠨᠠᠵᠤ ᠪᠣᠯᠭᠤᠭᠠᠭᠰᠠᠨ ᠤ ᠳᠠᠷᠠᠭ᠎ᠠ ᠮᠢᠬ᠎ᠠ ᠶᠢ ᠨᠢ ᠱᠤᠯᠤᠵᠤ᠂ ᠳᠠᠯᠤ ᠶᠢᠨ ᠶᠠᠰᠤ ᠪᠠᠨ ᠨᠤᠷᠮᠠᠰᠢᠭᠰᠠᠨ ᠭᠠᠯ ᠳᠤ ᠰᠢᠲᠠᠭᠠᠵᠤ ᠬᠡᠲᠦᠷᠡᠲᠡᠯ᠎ᠠ ᠬᠡᠤᠷᠰᠢᠬᠦ ᠠᠴᠠ ᠡᠮᠦᠨ᠎ᠠ | ᠭᠠᠷᠭᠠᠨ ᠠᠪᠤᠭᠠᠳ᠂ ᠲᠦᠯᠭᠡᠳᠡᠭᠴᠢ ᠰᠢᠲᠠᠭᠳᠠᠨ ᠭᠠᠷᠤᠭᠰᠠᠨ ᠴᠠᠪᠠ ᠢᠷᠠᠯᠵᠢ ᠵᠢᠷᠤᠭᠠᠰᠤ ᠶᠢᠨ ᠪᠠᠶᠢᠳᠠᠯ ᠢ ᠨᠢ ᠦᠵᠡᠨ ᠠᠯᠳᠠᠭᠰᠠᠨ ᠮᠠᠯ ᠪᠣᠶᠣ ᠶᠠᠭᠤᠮ᠎ᠠ ᠶᠢᠨ | ᠴᠢᠭᠯᠡᠯ ᠬᠤᠯᠠ ᠦᠢᠷ᠎ᠠ ᠪᠣᠯᠣᠨ ᠡᠷᠢᠵᠤ ᠣᠯᠬᠤ ᠡᠰᠡᠬᠦ ᠵᠡᠷᠭᠡ ᠶᠢ ᠮᠠᠭᠠᠳᠯᠠᠨ ᠲᠦᠯᠭᠡᠳᠡᠳᠡᠭ᠃ | |