ᠲᠠᠯᠣ ᠶᠢᠨ ᠦᠵᠡᠯᠭᠡ
ᠨᠡᠶᠢᠲᠡᠯᠡᠭᠰᠡᠨ ᠴᠠᠭ᠄
2023/6/16
       ᠳᠠᠯᠤ ᠶᠢᠨ ᠲᠥᠯᠭᠡ ᠦᠵᠡᠬᠦ ᠨᠢ ᠪᠠᠰᠠᠴᠤ ᠮᠤᠩᠭᠤᠯ ᠦᠨᠳᠦᠰᠦᠳᠡᠨ ᠤ ᠰᠦᠰᠦᠭ ᠪᠢᠰᠢᠷᠠᠯ ᠤᠨ ᠨᠢᠭᠡ ᠵᠦᠢᠯ ᠪᠣᠯᠣᠨ᠎ᠠ᠃ ᠪᠠᠭᠠᠷᠢᠨ ᠪᠣᠯᠣᠨ ᠬᠡᠰᠢᠭᠳᠡᠨ ᠬᠤᠰᠢᠭᠤᠨ ᠤ ᠠᠷᠠᠳ ᠤᠨ ᠲᠤᠮᠳᠠ ᠳᠠᠯᠤ ᠶᠢᠨ ᠲᠥᠯᠭᠡ᠂ ᠬᠢᠯᠭᠠᠰᠤᠨ ᠲᠥᠯᠭᠡ ᠦᠵᠡᠬᠦ ᠵᠠᠩᠰᠢᠯ ᠣᠳᠤ ᠪᠣᠯᠳᠠᠯ᠎ᠠ ᠤᠯᠠᠮᠵᠢᠯᠠᠭᠳᠠᠭᠰᠠᠭᠠᠷ ᠶᠤᠮ᠃ ᠲᠠᠯᠣ ᠶᠢᠨ ᠲᠥᠯᠭᠡ ᠳᠤ ᠬᠤᠶᠠᠷ ᠵᠦᠢᠯ ᠪᠠᠶᠢᠳᠠᠭ᠄ ᠨᠢᠭᠡ  ᠨᠢ ᠴᠠᠭᠠᠨ ᠳᠠᠯᠤ ᠶᠢᠨ ᠲᠥᠯᠭᠡ ᠪᠣᠯᠤᠨ᠎ᠠ᠃ ᠰᠢᠳᠦ ᠬᠢᠮᠣᠰᠤ ᠬᠦᠷᠭᠡᠯ ᠦᠭᠡᠢ ᠪᠠᠷ ᠨᠠᠷᠢᠨ ᠨᠢᠮᠪᠠᠢ ᠱᠤᠯᠤᠭᠰᠠᠨ ᠬᠤᠨᠢᠨ ᠤ ᠳᠠᠯᠤ ᠶᠢᠨ ᠡᠯ᠎ᠠ ᠬᠡᠰᠡᠭ ᠢ ᠠᠵᠢᠭᠯᠠᠵᠤ ᠲᠥᠯᠭᠡ ᠦᠵᠡᠭᠦᠯᠦᠭᠴᠢ ᠶᠢᠨ ᠢᠷᠡᠭᠡᠳᠦᠢ ᠶᠢ ᠲᠦᠰᠦᠭᠡᠯᠡᠳᠡᠭ᠃ ᠳᠠᠯᠤ ᠶᠢᠨ ᠲᠣᠭᠤᠭ᠎ᠠ ︵ᠳᠠᠯᠤ ᠶᠢᠨ ᠪᠤᠭᠤᠯᠤᠭ ᠴᠢᠮᠤᠬᠡ ᠲᠠᠢ ᠵᠠᠯᠭᠠᠯᠳᠤᠵᠤ ᠪᠠᠶᠢᠭ᠎ᠠ ᠬᠡᠰᠡᠭ ᠤᠨ ᠬᠤᠨᠳᠠᠭ᠎ᠠ ᠰᠢᠭ᠋ ᠬᠤᠳᠤᠭᠤᠷ ᠢ ᠳᠣᠭᠤᠭ᠎ᠠ ᠭᠡᠳᠡᠭ︶ ᠨᠢ ᠭᠦᠨ ᠪᠣᠯ ᠠᠵᠤ ᠠᠮᠢᠳᠦᠷᠠᠯ  ᠨᠢ ᠡᠯᠪᠡᠭ ᠲᠡᠯᠪᠡᠭ ᠪᠠᠶᠠᠨ ᠪᠠᠶᠢᠳᠠᠭ᠂ ᠲᠣᠭᠤᠭ᠎ᠠ ᠨᠢ ᠲᠡᠭᠰᠢᠭᠡᠨ ᠪᠣᠯ ᠭᠡᠷ ᠤᠨ ᠡᠵᠡᠨ ᠤ ᠪᠠᠶᠢᠳᠠᠯ ᠲᠡᠮᠡᠢ ᠰᠠᠶᠢᠨ ᠪᠢᠰᠢ᠂ ᠭᠡᠷ ᠤᠨ ᠠᠵᠤ ᠠᠮᠢᠳᠦᠷᠠᠯ ᠨᠢ ᠠᠨᠠᠢ ᠠᠷᠭᠠᠴᠠᠭᠠᠨ ᠦᠩᠭᠡᠷᠡᠭᠦᠯᠭᠦ ᠰᠢᠨᠵᠢ ᠲᠡᠮᠳᠡᠭ ᠢ ᠵᠢᠭᠠᠳᠠᠭ᠃ ᠣᠮᠤᠭ ᠰᠦᠷ ︵ᠳᠠᠯᠤ ᠶᠢᠨ ᠲᠣᠭᠤᠭ᠎ᠠ ᠲᠡᠰᠢ ᠪᠣᠰᠣᠭᠰᠠᠨ ᠰᠡᠵᠢᠭᠦᠷᠳᠦ ᠬᠡᠰᠡᠭ︶ ᠬᠤᠷᠴᠠ ᠬᠢᠷ᠎ᠠ ᠶᠢᠨ ᠬᠡᠯᠪᠡᠷᠢᠳᠡᠢ ᠲᠦᠷᠢᠨ ᠭᠠᠷᠤᠭᠰᠠᠨ ᠪᠠᠶᠢᠪᠠᠯ ᠤᠮᠤᠭ ᠰᠦᠷ ᠨᠢ ᠪᠠᠳᠠᠷᠠᠩᠭᠤᠢ ᠮᠠᠯ ᠰᠦᠷᠦᠭ ᠨᠢ ᠦᠨᠢᠷ ᠥᠰᠳᠡᠭ᠂ ᠬᠢᠷ᠎ᠠ ᠬᠠᠮᠠᠷ ᠨᠢ ᠬᠤᠷᠴᠠ ᠪᠤᠯᠪᠠᠴᠦ ᠵᠢᠵᠢᠭ ᠨᠢᠳᠦ ︵ᠨᠦᠭᠡ︶ ᠭᠠᠷᠤᠭᠰᠠᠨ ᠪᠣᠯ ᠮᠠᠯ ᠰᠦᠷᠦᠭ ᠨᠢ ᠡᠯ᠎ᠡ ᠵᠦᠢᠯ ᠤᠨ ᠭᠠᠢ ᠭᠠᠮᠰᠢᠭ ᠲᠠᠭᠠᠷᠢᠯᠳᠠ ᠳᠤ ᠤᠴᠠᠷᠠᠬᠤ ᠶᠢ ᠬᠠᠷᠠᠭᠤᠯᠵᠤ᠂ ᠬᠢᠷ᠎ᠠ ᠬᠠᠮᠠᠷ ᠨᠢ ᠪᠣᠭᠤᠨᠢ ᠪᠤᠶᠤ ᠮᠢᠲᠠᠷᠠᠭᠰᠠᠨ ᠪᠠᠶᠢᠪᠠᠯ ᠭᠡᠷ ᠤᠨ ᠠᠮᠢᠳᠤᠷᠠᠯ ᠪᠠᠶᠢᠳᠠᠯ ᠳᠣᠷᠦ᠋ᠢᠲᠠᠬᠤ ᠶᠢᠨ ᠰᠢᠨᠵᠢ ᠪᠣᠯᠣᠨ᠎ᠠ᠃ ᠬᠤᠶᠠᠷ ᠨᠢ ᠰᠢᠲᠠᠭᠠᠭᠰᠠᠨ ᠳᠠᠯᠣ ᠶᠢᠨ ᠲᠥᠯᠭᠡ᠄ ᠤᠯᠠᠩᠬᠢ ᠳᠤ ᠪᠠᠨ ᠶᠠᠭᠤᠮ᠎ᠠ ᠪᠠᠨ ᠭᠡᠭᠡᠭᠰᠡᠨ ᠪᠣᠶᠤ ᠡᠳ᠋ ᠪᠣᠳᠠᠰ ᠢᠶᠠᠨ ᠬᠤᠯᠠᠭᠠᠶᠢᠯᠠᠭᠳᠠᠪᠠᠯ ᠡᠷᠢᠵᠤ ᠣᠯᠬᠤ ᠡᠰᠡᠬᠦ ᠶᠢᠨ ᠲᠤᠬᠠᠢ ᠦᠵᠡᠭᠦᠯᠳᠡᠭ᠃ ᠬᠤᠨᠢ ᠶᠢᠨ ᠳᠠᠯᠤ ᠶᠢᠨ ᠶᠠᠰᠤ ᠶᠢ ᠴᠢᠨᠠᠵᠤ ᠪᠣᠯᠭᠤᠭᠠᠭᠰᠠᠨ ᠤ ᠳᠠᠷᠠᠭ᠎ᠠ ᠮᠢᠬ᠎ᠠ ᠶᠢ  ᠨᠢ ᠱᠤᠯᠤᠵᠤ᠂ ᠳᠠᠯᠤ ᠶᠢᠨ ᠶᠠᠰᠤ ᠪᠠᠨ ᠨᠤᠷᠮᠠᠰᠢᠭᠰᠠᠨ ᠭᠠᠯ ᠳᠤ ᠰᠢᠲᠠᠭᠠᠵᠤ ᠬᠡᠲᠦᠷᠡᠲᠡᠯ᠎ᠠ ᠬᠡᠤᠷᠰᠢᠬᠦ ᠠᠴᠠ ᠡᠮᠦᠨ᠎ᠠ ᠭᠠᠷᠭᠠᠨ ᠠᠪᠤᠭᠠᠳ᠂ ᠲᠦᠯᠭᠡᠳᠡᠭᠴᠢ ᠰᠢᠲᠠᠭᠳᠠᠨ ᠭᠠᠷᠤᠭᠰᠠᠨ ᠴᠠᠪᠠ ᠢᠷᠠᠯᠵᠢ ᠵᠢᠷᠤᠭᠠᠰᠤ ᠶᠢᠨ ᠪᠠᠶᠢᠳᠠᠯ ᠢ ᠨᠢ ᠦᠵᠡᠨ ᠠᠯᠳᠠᠭᠰᠠᠨ ᠮᠠᠯ ᠪᠣᠶᠣ ᠶᠠᠭᠤᠮ᠎ᠠ ᠶᠢᠨ ᠴᠢᠭᠯᠡᠯ ᠬᠤᠯᠠ ᠦᠢᠷ᠎ᠠ ᠪᠣᠯᠣᠨ ᠡᠷᠢᠵᠤ ᠣᠯᠬᠤ ᠡᠰᠡᠬᠦ ᠵᠡᠷᠭᠡ ᠶᠢ ᠮᠠᠭᠠᠳᠯᠠᠨ ᠲᠦᠯᠭᠡᠳᠡᠳᠡᠭ᠃      
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ