| ᠨᠢᠭᠡᠳᠦᠭᠡᠷ ᠲᠤ᠂ ᠪᠤᠭᠤᠳᠠᠢ ᠶᠢ ᠬᠠᠳᠤᠵᠤ ᠪᠠᠷᠠᠭᠰᠠᠨ ᠤ ᠲᠠᠷᠠᠭ᠎ᠠ᠂ ᠬᠡᠷᠪᠡ ᠲᠠᠷᠢᠶᠠᠨ ᠳᠤ ᠶᠡᠭᠡ ᠬᠡᠮᠵᠢᠶᠡᠨ ᠤ ᠪᠤᠵᠠᠷ ᠡᠪᠡᠰᠦ ᠪᠠᠶᠢᠪᠠᠯ᠂ ᠡᠷᠬᠡᠪᠰᠢ | ᠮᠥᠬᠦᠯᠲᠡ ᠶᠢᠨ ᠴᠢᠨᠠᠷ ᠲᠠᠢ ᠡᠪᠡᠰᠦ ᠠᠷᠢᠯᠭᠠᠭᠴᠢ ᠡᠮ ᠬᠡᠷᠡᠭᠯᠡᠬᠦ ᠬᠡᠷᠡᠭᠲᠡᠢ᠃ | ᠬᠤᠶᠠᠳᠤᠭᠠᠷ ᠲᠤ᠂ ᠪᠤᠵᠠᠷ ᠡᠪᠡᠰᠦ ᠶᠢ ᠤᠷᠭᠤᠭᠤᠯᠬᠤ ᠦᠭᠡᠢ ᠪᠢᠳᠡᠭᠦᠮᠵᠢᠯᠡᠬᠦ ᠡᠪᠡᠰᠦ ᠠᠷᠢᠯᠭᠠᠭᠴᠢ ᠡᠮ ᠳᠤ ᠢ ᠠ ᠨᠡᠶᠢᠯᠡᠮᠡᠯ ᠡᠮ᠂ ᠢᠦᠢ ᠼᠤᠤ ᠵᠢᠩ | ᠪᠣᠯᠣᠨ ᠳ᠋ᠦ᠋ ᠠ ᠨᠡᠶᠢᠯᠡᠮᠡᠯ ᠡᠮ ᠵᠡᠷᠭᠡ ᠪᠣᠢ᠂ ᠶᠡᠷᠦ ᠳᠡᠭᠡᠨ ᠮᠦ ᠪᠦᠷᠢ ᠳᠤ ᠨᠠᠶᠢᠷᠠᠯᠭ᠎ᠠ 200 ᠭᠷᠡᠮ᠂ 45 ᠺᠢᠯᠣᠭ᠍ᠷᠠᠮ ᠤᠰᠤ ᠬᠤᠯᠢᠪᠠᠯ ᠰᠠᠶ᠋ᠢ ᠰᠡᠷᠭᠡᠶᠢᠯᠡᠬᠦ | ᠦᠢᠯᠡᠳᠦᠯ ᠨᠢ ᠰᠠᠶᠢᠨ ᠪᠠᠶᠢᠳᠠᠭ᠃ | ᠭᠤᠷᠪᠠᠳᠤᠭᠠᠷ ᠲᠤ᠂ ᠳᠡᠭᠡᠷᠡᠬᠢ ᠡᠪᠡᠰᠦ ᠠᠷᠢᠯᠭᠠᠭᠴᠢ ᠡᠮ ᠢ ᠰᠦᠷᠴᠢᠬᠦ ᠳᠡᠭᠡᠨ ᠡᠷᠬᠡᠪᠰᠢ ᠳᠣᠣᠷᠠᠬᠢ ᠵᠠᠷᠴᠢᠮ ᠤᠳ ᠢ ᠵᠢᠷᠤᠮᠯᠠᠬᠤ ᠬᠡᠷᠡᠭᠲᠡᠢ᠄ ᠠᠯᠢ | ᠴᠢᠳᠠᠬᠤ ᠪᠠᠷ ᠰᠠᠯᠬᠢ ᠦᠭᠡᠢ ᠦᠶ᠎ᠡ ᠳᠤ ᠰᠦᠷᠴᠢᠵᠦ᠂ ᠲᠠᠷᠢᠶᠠᠨ ᠡᠮ ᠢ ᠰᠠᠯᠬᠢᠨ ᠤ ᠠᠶ᠎ᠠ ᠪᠠᠷ ᠢᠳᠡᠰᠢᠨ ᠨᠣᠭᠤᠭ᠎ᠠ ᠶᠢᠨ ᠲᠠᠷᠢᠮᠠᠯ ᠳᠡᠭᠡᠷ᠎ᠡ ᠬᠡᠶᠢᠰᠦᠨ ᠬᠦᠷᠬᠦ ᠶᠢ | ᠴᠢᠩᠭ᠎ᠠ ᠰᠡᠷᠭᠡᠶᠢᠯᠡᠬᠦ ᠬᠡᠷᠡᠭᠲᠡᠢ︔ ᠰᠦᠷᠴᠢᠭᠦᠷ ᠢ ᠳᠤᠭᠤᠭᠤᠷ ᠰᠢᠭ ᠪᠠᠷᠢᠨ ᠰᠦᠷᠴᠢᠵᠦ᠂ ᠴᠢᠳᠠᠬᠤ ᠶᠢᠨ ᠬᠢᠷᠢ ᠪᠠᠷ ᠡᠮ ᠨᠠᠶᠢᠷᠠᠯᠭ᠎ᠠ ᠶᠢᠨ ᠭᠡᠶᠢᠰᠬᠦ ᠶᠢ ᠪᠠᠭᠠᠰᠬᠠᠬᠤ | ᠬᠡᠷᠡᠭᠲᠡᠢ︔ ᠰᠦᠷᠴᠢᠭᠦᠷ ᠤᠨ ᠡᠮᠦᠨ᠎ᠡ ᠬᠠᠮᠠᠭᠠᠯᠠᠬᠤ ᠪᠦᠷᠬᠦᠭᠦᠯ ᠵᠡᠭᠦᠵᠦ᠂ ᠬᠠᠨᠳᠤᠯᠭ᠎ᠠ ᠲᠠᠢ ᠪᠠᠷ ᠮᠠᠨᠠᠩᠳᠤᠭᠤᠯᠤᠨ ᠰᠦᠷᠴᠢᠬᠦ ᠬᠡᠷᠡᠭᠲᠡᠢ᠃ | ᠳᠥᠷᠪᠡᠳᠦᠭᠡᠷ ᠲᠤ᠂ ᠲᠠᠷᠢᠶᠠᠴᠢᠳ ᠲᠤ ᠠᠩᠬᠠᠷᠤᠭᠤᠯᠬᠤ ᠶᠢ ᠰᠠᠨᠠᠭᠤᠯᠬᠤ ᠴᠢᠬᠤᠯᠠ ᠲᠠᠢ ᠨᠢ᠂ ᠰᠡᠷᠭᠡᠶᠢᠯᠡᠨ ᠵᠠᠰᠠᠬᠤ ᠬᠠᠮᠤᠭ ᠤᠨ ᠰᠠᠶᠢᠨ ᠴᠠᠭ ᠦᠶ᠎ᠡ ᠪᠣᠯ | ᠡᠷᠳᠡᠨᠢ ᠰᠢᠰᠢ ᠶᠢᠨ 4-5 ᠨᠠᠪᠴᠢ᠂ ᠪᠤᠵᠠᠷ ᠡᠪᠡᠰᠦ ᠶᠢᠨ 3-4 ᠨᠠᠪᠴᠢ ᠶᠢᠨ ᠦᠶ᠎ᠡ ᠳᠤ ᠪᠠᠶᠢᠳᠠᠭ᠂ ᠬᠡᠷᠪᠡ ᠡᠷᠳᠡᠨᠢ ᠰᠢᠰᠢ ᠶᠢᠨ 7 ᠨᠠᠪᠴᠢ ᠶᠢᠨ ᠦᠶ᠎ᠡ ᠳᠤ | ᠰᠡᠷᠭᠡᠶᠢᠯᠡᠨ ᠵᠠᠰᠠᠪᠠᠯ ᠡᠮ ᠤᠨ ᠬᠥᠨᠥᠭᠡᠯ ᠭᠠᠷᠴᠤ ᠮᠡᠳᠡᠨ᠎ᠠ᠃ | ᠲᠠᠪᠤᠳᠤᠭᠠᠷ ᠲᠤ᠂ ᠡᠷᠳᠡᠨᠢ ᠰᠢᠰᠢ ᠶᠢᠨ ᠲᠠᠷᠢᠶᠠᠨ ᠳᠤ ᠬᠤᠷᠣᠬᠠᠢ ᠶᠢᠨ ᠬᠥᠨᠥᠭᠡᠯ ᠡᠭᠦᠰᠪᠡᠯ ᠬᠤᠷᠣᠬᠠᠢ ᠠᠯᠠᠬᠤ ᠡᠮ ᠢ ᠡᠪᠡᠰᠦ ᠠᠷᠢᠯᠭᠠᠭᠴᠢ ᠡᠮ ᠲᠠᠢ | ᠬᠤᠯᠢᠵᠤ ᠬᠡᠷᠡᠭᠯᠡᠬᠦ ᠬᠡᠷᠡᠭᠲᠡᠢ᠂ ᠭᠡᠪᠡᠴᠦ ᠡᠪᠡᠰᠦ ᠠᠷᠢᠯᠭᠠᠭᠴᠢ ᠢᠦᠢ ᠨᠦᠩ ᠯᠧ ᠪᠣᠯᠣᠨ ᠢᠦᠢ ᠾᠧᠩ ᠢ ᠬᠡᠷᠡᠭᠯᠡᠬᠦ ᠳᠡᠭᠡᠨ ᠣᠷᠭᠠᠨᠢᠭ ᠹᠣᠰᠹᠣᠷᠲᠤ ᠲᠠᠷᠢᠶᠠᠨ | ᠡᠮ ᠲᠠᠢ ᠬᠤᠯᠢᠵᠤ ᠬᠡᠷᠡᠭᠯᠡᠵᠦ ᠪᠣᠯᠬᠤ ᠦᠭᠡᠢ᠂ ᠵᠥᠪᠬᠡᠨ ᠤᠳᠪᠠᠯᠠ ᠡᠰᠲ᠋ᠧᠷ ᠤᠨ ᠲᠦᠷᠦᠯ ᠤᠨ ᠲᠠᠷᠢᠶᠠᠨ ᠡᠮ ᠲᠠᠢ ᠬᠤᠯᠢᠵᠤ ᠬᠡᠷᠡᠭᠯᠡᠨ᠎ᠡ᠂ ᠬᠡᠷᠡᠭᠯᠡᠬᠦ | ᠦᠶ᠎ᠡ ᠳᠡᠭᠡᠨ ᠲᠣᠳᠣᠷᠬᠠᠶᠢᠯᠠᠯᠲᠠ ᠶᠢᠨ ᠪᠢᠴᠢᠭ ᠢ ᠨᠢ ᠨᠠᠷᠢᠨ ᠦᠵᠡᠬᠦ ᠬᠡᠷᠡᠭᠲᠡᠢ᠃ | |