ᠡᠯᠵᠢᠭᠡᠨ ᠤ ᠭᠡᠳᠡᠰᠦᠨ ᠲᠦᠭᠵᠢᠷᠡᠯ ᠤᠨ ᠵᠠᠰᠠᠯᠭ᠎ᠠ
ᠨᠡᠶᠢᠲᠡᠯᠡᠭᠰᠡᠨ ᠴᠠᠭ᠄
2023/6/29
     ᠠᠭᠤᠷ ᠠᠮᠢᠰᠬᠤᠯ ᠭᠡᠨᠡᠳᠲᠡ ᠬᠤᠪᠢᠷᠠᠬᠤ᠂ ᠬᠠᠲᠠᠭᠤ ᠰᠢᠷᠦᠭᠦᠨ ᠰᠢᠩᠭᠡᠭᠡᠬᠦ ᠳᠤ ᠬᠦᠴᠢᠷ ᠲᠡᠵᠢᠭᠡᠯ ᠡᠪᠡᠰᠦ ᠢᠳᠡᠬᠦ᠂ ᠡᠪᠡᠰᠦ ᠪᠣᠷᠳᠤᠭ᠎ᠠ ᠭᠡᠨᠡᠳᠲᠡ ᠬᠤᠪᠢᠷᠠᠭᠠᠳ ᠬᠡᠲᠦᠷᠡᠲᠡᠯ᠎ᠡ ᠢᠳᠡᠬᠦ ᠪᠤᠶᠤ ᠤᠰᠤ ᠬᠦᠷᠦᠯᠴᠡᠬᠦ ᠦᠭᠡᠢ ᠪᠣᠯᠬᠤ᠂ ᠳᠠᠪᠤᠰᠤ ᠬᠦᠷᠦᠯᠴᠡᠬᠦ ᠦᠭᠡᠢ ᠠᠴᠠ ᠪᠣᠯᠵᠤ ᠵᠣᠭᠰᠣᠬᠤ ᠳᠤ ᠬᠦᠴᠢᠷᠳᠡᠬᠦ᠂ ᠭᠡᠳᠡᠰᠦ ᠡᠪᠡᠳᠴᠤ ᠪᠣᠰᠴᠤ ᠬᠡᠪᠲᠡᠬᠦ᠂ ᠠᠮᠠ ᠬᠠᠲᠠᠵᠤ ᠦᠮᠡᠬᠡᠶᠢᠷᠡᠬᠦ᠂ ᠭᠡᠳᠡᠰᠦᠨ ᠤ ᠳᠠᠭᠤᠨ ᠰᠤᠯᠠᠷᠠᠬᠤ᠂ ᠬᠡᠪᠡᠯᠢ ᠶᠡᠬᠡᠰᠬᠦ᠂ ᠰᠢᠯᠤᠭᠤᠨ ᠭᠡᠳᠡᠰᠦᠨ ᠤ ᠪᠠᠶᠢᠴᠠᠭᠠᠯᠲᠠ ᠪᠠᠷ ᠳᠠᠮᠵᠢᠨ ᠭᠡᠳᠡᠰᠦᠨ ᠳᠤ ᠬᠤᠷᠭᠤᠰᠢᠭᠰᠠᠨ ᠬᠤᠮᠣᠣᠯ ᠲᠠᠢ ᠪᠣᠯᠬᠤ ᠶᠢ ᠣᠯᠵᠤ ᠮᠡᠳᠡᠨ᠎ᠡ᠃ ᠡᠮᠨᠡᠨ ᠵᠠᠰᠠᠬᠤ᠄ ᠡᠩ ᠲᠡᠷᠢᠭᠦᠨ ᠳᠤ ᠡᠪᠡᠳᠬᠦ ᠶᠢ ᠵᠣᠭᠰᠤᠭᠠᠬᠤ ᠬᠡᠷᠡᠭᠲᠡᠢ᠃ 5% ᠶᠢᠨ ᠤᠰᠤᠵᠢᠮᠠᠯ ᠾᠯᠣᠷᠲᠤ ᠠᠯᠳᠧᠭᠢᠳ᠋᠂ ᠰᠫᠢᠷᠲ ᠤᠨ ᠲᠠᠷᠢᠯᠭ᠎ᠠ ᠶᠢᠨ ᠰᠢᠩᠭᠡᠨ 100 ~ 200 ᠮᠢᠯᠢᠯᠢᠳ᠋ᠷ᠂ 30% ᠶᠢᠨ ᠠᠨ ᠨᠠᠢ ᠶᠢᠨ ᠲᠠᠷᠢᠯᠭ᠎ᠠ ᠶᠢᠨ ᠰᠢᠩᠭᠡᠨ 20 ~ 40 ᠮᠢᠯᠢᠯᠢᠳ᠋ᠷ︔ ᠳᠠᠷᠠᠭ᠎ᠠ ᠨᠢ ᠹᠣᠰᠹᠣᠷ ᠬᠦᠴᠢᠯ ᠤᠨ ᠳᠠᠪᠤᠰᠤᠨ ᠤ ᠨᠠᠮᠬᠠᠳᠬᠠᠬᠤ ᠡᠮ ᠢ ᠤᠤᠭᠤᠯᠭᠠᠬᠤ ᠪᠤᠶᠤ ᠼᠤᠤ ᠶᠢᠨ ᠬᠥᠷᠥᠩᠭᠡ 300 ~ 500 ᠭᠷᠡᠮ᠂ ᠢᠰᠬᠡᠭᠦᠷ ᠤᠨ ᠨᠤᠨᠳᠠᠭ 500 ᠭᠷᠡᠮ᠂ ᠪᠦᠯᠢᠶᠡᠨ ᠤᠰᠤ 1000 ~ 2000 ᠮᠢᠯᠢᠯᠢᠳ᠋ᠷ ᠤᠤᠭᠤᠯᠭᠠᠨ᠎ᠠ᠃ ᠳᠠᠬᠢᠨ ᠰᠢᠩᠭᠡᠨ ᠨᠥᠬᠦᠪᠦᠷᠢᠯᠡᠵᠦ᠂ ᠵᠢᠷᠦᠬᠡ ᠶᠢ ᠴᠢᠩᠭᠠᠷᠠᠭᠤᠯᠤᠨ᠎ᠠ᠃ ᠾᠯᠣᠷᠲᠤ ᠨᠠᠳ᠋ᠷᠢ ᠶᠢᠨ ᠨᠡᠶᠢᠯᠡᠮᠡᠯ ᠲᠠᠷᠢᠯᠭ᠎ᠠ ᠶᠢᠨ ᠰᠢᠩᠭᠡᠨ ᠬᠢᠭᠡᠳ 5% ᠶᠢᠨ ᠦᠵᠦᠮ ᠤᠨ ᠰᠢᠬᠢᠷ ᠤᠨ ᠲᠠᠷᠢᠯᠭ᠎ᠠ ᠶᠢᠨ ᠰᠢᠩᠭᠡᠨ᠂ 5% ᠶᠢᠨ ᠨᠡᠭᠦᠷᠡᠰᠦᠬᠦ᠋ᠴᠢᠯ ᠤᠨ ᠤᠰᠤᠲᠥ᠋ᠷᠥᠭᠴᠢᠲᠤ ᠨᠠᠳ᠋ᠷᠢ ᠶᠢᠨ ᠲᠠᠷᠢᠯᠭ᠎ᠠ ᠶᠢᠨ ᠰᠢᠩᠭᠡᠨ ᠢ ᠬᠡᠷᠡᠭᠯᠡᠵᠦ ᠪᠣᠯᠤᠨ᠎ᠠ᠃  
ᠢᠷᠡᠯᠲᠡ᠄ ᠦᠪᠦᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠡᠮ