| ︽ᠮᠣᠩᠭᠤᠯᠴᠣᠳ ᠤᠨ ᠦᠨᠡᠨᠴᠢ ᠲᠣᠰᠠᠯᠠᠭᠴᠢ ᠠᠳᠣᠭᠤ ᠬᠠᠮᠢᠭ᠎ᠠ ᠠᠴᠠ᠂ ᠬᠡᠵᠢᠶ᠎ᠡ ᠡᠭᠦᠰᠦᠨ ᠪᠤᠢ ᠪᠣᠯᠪᠡ︾︖ ᠡᠨᠡ ᠠᠰᠠᠭᠤᠯᠳᠠ ᠶᠢᠨ | ᠬᠠᠷᠢᠭᠤᠯᠲᠠ ᠳᠤ ᠲᠡᠯᠡᠬᠡᠢ ᠶᠢᠨ ᠡᠷᠳᠡᠮᠲᠡᠳ ︽ᠮᠣᠩᠭᠤᠯ ᠠᠴᠠ ᠭᠠᠷᠤᠯ ᠲᠠᠢ︾ ᠭᠡᠮᠡᠨ ᠨᠢᠭᠡᠨ ᠳᠠᠭᠤ ᠪᠠᠷ ᠬᠠᠷᠢᠭᠤᠯᠳᠠᠭ᠃ ᠣᠴᠢᠷ ᠨᠢ ᠮᠣᠩᠭᠤᠯ ᠠᠴᠠ | ᠣᠯᠳᠠᠭᠰᠠᠨ ᠡᠷᠲᠡᠨ ᠤ ᠠᠳᠤᠭᠤᠨ ᠤ ᠤᠯᠳᠠᠪᠤᠷᠢ ᠨᠤᠭᠤᠳ ᠲᠤ ᠲᠣᠯᠭᠤᠷᠢᠯᠠᠨ ᠠᠳᠤᠭᠤᠨ ᠤ ᠡᠪᠦᠭᠡ ᠮᠣᠩᠭᠤᠯ ᠤᠨ ᠭᠤᠪᠢ ᠳᠤ ᠡᠭᠦᠰᠦᠭᠡᠳ ᠲᠡᠯᠡᠬᠡᠢ ᠶᠢᠨ | ᠪᠦᠮᠪᠦᠷᠴᠡᠭ ᠤᠨ ᠦᠨᠴᠦᠭ ᠪᠣᠯᠣᠩ ᠪᠦᠷᠢ ᠳᠤ ᠲᠠᠷᠬᠠᠭᠰᠠᠨ ᠢ ᠣᠯᠠᠨ ᠰᠤᠳᠤᠯᠭ᠎ᠠ ᠨᠣᠳᠠᠯᠠᠵᠤ ᠪᠠᠶᠢᠨ᠎ᠠ᠃ | | | ᠠᠮᠧᠷᠢᠺᠠ ᠶᠢᠨ ᠡᠷᠳᠡᠮᠲᠡᠨ ᠧᠨᠳᠧᠷᠶᠤᠰ ᠤᠨ ᠡᠺᠰᠫᠶᠧᠳᠴᠢ 1924 ᠣᠨ ᠳᠤ ᠮᠣᠩᠭᠤᠯ ᠤᠨ ᠭᠤᠪᠢ ᠠᠴᠠ ᠠᠳᠤᠭᠤᠨ ᠤ ᠡᠪᠦᠭᠡ ᠭᠡᠭᠳᠡᠳᠡᠭ ᠠᠪᠣᠷᠭᠤ | ᠲᠣᠮᠣ ᠮᠧᠽᠤᠨᠢᠬᠢᠳ᠋ — ᠺᠤᠨᠳᠢᠫᠢᠷᠳ᠋ᠷ ᠣᠯᠤᠭᠰᠠᠨ ᠪᠤᠯ ᠡᠮᠦᠨᠡᠭᠤᠪᠢ ᠠᠶᠢᠮᠠᠭ ᠤᠨ ᠭᠤᠷᠪᠠᠨ ᠰᠠᠶᠢᠬᠠᠨ ᠰᠤᠮᠤ ᠶᠢᠨ ᠬᠠᠰᠢᠶᠠᠲᠤ ᠭᠡᠳᠡᠭ ᠭᠠᠵᠠᠷ ᠠᠴᠠ 65 ᠰᠠᠶ᠎ᠠ | ᠵᠢᠯ ᠤᠨ ᠡᠮᠦᠨᠡᠬᠢ ᠠᠳᠤᠭᠤᠨ ᠤ ᠶᠠᠰᠣ ᠣᠯᠵᠠᠢ᠃ ᠲᠡᠭᠦᠨᠴᠢᠯᠡᠨ ᠣᠷᠤᠰ ᠤᠨ ᠬᠤᠯᠪᠣᠭᠠᠨ ᠤ ᠣᠯᠤᠰ ᠤᠨ ᠫᠠᠯᠧᠨ᠋ᠲ᠋ᠤᠯᠤᠭᠢ ᠶᠢᠨ ᠡᠺᠰᠫᠶᠧᠳᠴᠢ ᠮᠣᠩᠭᠤᠯ ᠤᠨ | ᠳᠤᠷᠤᠨᠠᠭᠤᠪᠢ ᠠᠶᠢᠮᠠᠭ ᠤᠨ ᠡᠷᠬᠢᠯᠲᠡ ᠶᠢᠨ ᠵᠣ ᠠᠴᠠ ᠲᠠᠪᠣᠨ ᠰᠠᠯᠠᠭ᠎ᠠ ᠬᠤᠷᠤᠭᠤ ᠲᠠᠢ ᠪᠦᠳᠦᠭᠦᠯᠢᠭ ᠠᠳᠣᠭᠤ᠂ 1975 ᠣᠨ ᠳᠤ ᠦᠪᠦᠷᠬᠠᠩᠭᠠᠢ ᠶᠢᠨ | ᠬᠤᠯᠪᠤᠭᠠᠵᠢ ᠨᠠᠭᠤᠷ ᠭᠡᠳᠡᠭ ᠭᠠᠵᠠᠷ ᠠᠴᠠ ᠲᠦᠷᠪᠡᠨ ᠬᠤᠷᠤᠭᠤ ᠲᠠᠢ ᠠᠳᠣᠭᠤ ᠣᠯᠤᠭᠰᠠᠨ ᠨᠢ 65 — 63 ᠰᠠᠶ᠎ᠠ ᠵᠢᠯ ᠤᠨ ᠡᠮᠦᠨ᠎ᠡ ᠮᠣᠩᠭᠤᠯ ᠨᠣᠲᠤᠭ ᠲᠤ | ᠠᠮᠢᠳᠤᠷᠠᠵᠤ ᠪᠠᠶᠢᠭᠰᠠᠨ ᠲᠠᠪᠣᠨ ᠬᠤᠷᠤᠭᠤ ᠲᠠᠢ ᠠᠳᠤᠭᠤᠨ ᠤ ᠵᠠᠯᠭᠠᠮᠵᠢ ᠡᠪᠦᠭᠡ ᠭᠡᠵᠦ ᠡᠷᠳᠡᠮᠲᠡᠳ ᠲᠣᠭᠲᠠᠭᠠᠵᠠᠢ᠃ ᠡᠨᠡ ᠮᠡᠳᠦᠴᠢᠯᠡᠨ ᠲᠡᠯᠡᠬᠡᠢ ᠶᠢᠨ | ᠠᠳᠤᠭᠤᠨ ᠤ ᠡᠪᠦᠭᠡ ᠮᠣᠩᠭᠤᠯ ᠨᠣᠲᠤᠭ ᠲᠤ ᠪᠠᠶᠢᠵᠠᠢ ᠭᠡᠵᠦ ᠦᠵᠡᠬᠦ ᠣᠯᠠᠨ ᠪᠠᠲᠣᠯᠠᠭ᠎ᠠ ᠲᠡᠮᠳᠡᠭᠯᠡᠭᠳᠡᠨ ᠦᠯᠡᠳᠡᠭᠰᠡᠨ ᠪᠠᠶᠢᠨ᠎ᠠ᠃ ᠢᠩᠬᠢᠵᠦ ᠠᠩᠬᠠᠨ ᠤ ᠲᠠᠪᠣᠨ | ᠰᠠᠯᠠᠭ᠎ᠠ ᠬᠤᠷᠤᠭᠤ ᠲᠠᠢ ᠠᠳᠤᠭᠤᠨ ᠠᠴᠠ ᠣᠷᠴᠢᠨ ᠦᠶ᠎ᠡ ᠶᠢᠨ ᠨᠢᠭᠡ ᠲᠣᠭᠤᠷᠠᠢ ᠲᠠᠢ ᠠᠳᠣᠭᠤ ᠬᠦᠷᠲᠡᠯᠡᠬᠢ ᠣᠯᠠᠨ ᠰᠠᠶ᠎ᠠ ᠵᠢᠯ ᠤᠨ ᠬᠦᠭᠵᠢᠯ ᠤᠨ ᠶᠠᠪᠤᠴᠠ ᠳᠤ | ᠳᠡᠯᠡᠬᠡᠢ ᠲᠡᠭᠡᠷ᠎ᠡ ᠡᠭᠦᠰᠦᠭᠰᠡᠨ 200 ᠊ᠭᠠᠳ ᠬᠡᠯᠪᠡᠷᠢ ᠶᠢᠨ ᠠᠳᠣᠭᠤ ᠮᠣᠩᠭᠤᠯ ᠣᠳᠤᠮ ᠤᠨ ᠠᠵᠢ᠃ | ᠡᠨᠡ ᠨᠢ ᠮᠣᠩᠭᠤᠯᠴᠣᠳ ᠤᠨ᠂ ᠢᠯᠠᠩᠭᠤᠶ᠎ᠠ ᠴᠢᠩᠭᠢᠰ ᠤᠨ ᠦᠶ᠎ᠡ ᠶᠢᠨ ᠶᠡᠭᠡ ᠠᠶᠠᠨ ᠲᠠᠶᠢᠨ ᠢᠶᠠᠷ ᠮᠣᠩᠭᠤᠯ ᠴᠡᠷᠢᠭ ᠤᠳ ᠵᠦᠪᠬᠡᠨ ᠮᠣᠷᠢ ᠪᠠᠷ ᠢᠶᠠᠨ | ᠲᠡᠯᠡᠬᠡᠢ ᠶᠢᠨ ᠦᠨᠴᠦᠭ ᠪᠣᠯᠣᠩ ᠪᠦᠷᠢ ᠳᠤ ᠬᠦᠷᠴᠦ᠂ ᠵᠠᠷᠢᠮ ᠨᠢ ᠲᠡᠨᠳᠡ ᠪᠠᠨ ᠲᠤᠬᠠᠢ ᠶᠢᠨ ᠣᠯᠤᠰ ᠢ ᠲᠦᠪᠬᠢᠨᠡᠬᠦᠯᠣᠨ ᠰᠠᠭᠤᠷᠢᠰᠢᠵᠤ ᠪᠠᠶᠢᠭᠰᠠᠨ ᠲᠠᠢ | ᠬᠤᠯᠪᠤᠭᠠᠲᠠᠢ ᠶᠤᠮ᠃ ᠡᠶᠢᠮᠣ ᠠᠴᠠ ᠴᠦ ᠮᠣᠩᠭᠤᠯᠴᠣᠳ ᠢ ︽ᠮᠣᠷᠢᠲᠠᠨ ᠮᠣᠩᠭᠤᠯᠴᠣᠳ︾ ᠭᠡᠮᠡᠨ ᠳᠡᠯᠡᠬᠡᠢ ᠲᠠᠶᠠᠭᠠᠷ ᠨᠡᠷᠡᠯᠡᠳᠡᠭ ᠪᠢᠯᠡ᠃ ᠰᠤᠨᠢᠷᠬᠠᠭᠤᠯᠤᠨ | ᠦᠭᠦᠯᠡᠬᠦ ᠳᠤ᠂ ᠬᠦᠢ ᠨᠢᠭᠡᠲᠦᠯ ᠤᠨ ᠦᠶ᠎ᠡ ᠠᠴᠠ ᠡᠬᠢᠯᠡᠨ ᠠᠳᠣᠭᠤ ᠨᠣᠬᠠᠢ ᠬᠤᠶᠠᠷ ᠮᠣᠩᠭᠤᠯᠴᠣᠳ ᠤᠨ ᠰᠠᠯᠤᠰᠢ ᠦᠭᠡᠢ ᠠᠨᠳᠠ᠂ ᠦᠨᠡᠨᠴᠢ ᠨᠦᠬᠦᠷ ᠪᠣᠯᠣᠭᠰᠠᠨ | ᠲᠤᠬᠠᠢ ᠪᠠᠷᠢᠮᠲᠠ ᠨᠤᠭᠤᠳ ᠮᠣᠩᠭᠤᠯ ᠨᠣᠲᠤᠭ ᠤᠨ ᠬᠠᠳᠠ ᠴᠢᠯᠠᠭᠤᠨ ᠲᠡᠭᠡᠷ᠎ᠡ ᠣᠯᠠᠨ ᠪᠤᠢ᠃ ᠣᠴᠢᠷ ᠨᠢ ᠲᠡᠯᠡᠬᠡᠢ ᠶᠢᠨ ᠠᠳᠤᠭᠤᠰᠤᠨ ᠲᠦᠷᠦᠯ ᠤᠨ ᠠᠮᠢᠳᠠᠨ ᠤ | ᠬᠠᠮᠤᠭ ᠤᠨ ᠶᠡᠭᠡ᠂ ᠪᠠᠷᠤᠭ 90 ᠬᠤᠪᠢ ᠨᠢ ᠮᠣᠩᠭᠤᠯ ᠭᠠᠵᠠᠷ ᠰᠢᠷᠣᠢ ᠶᠢᠨ ᠲᠡᠭᠡᠷ᠎ᠡ ᠵᠡᠷᠯᠢᠭ ᠢᠶᠠᠷ ᠰᠦᠷᠦᠭᠯᠡᠨ ᠣᠷᠣᠰᠢᠵᠦ ᠪᠠᠶᠢᠭᠰᠠᠨ ᠪᠠᠶᠢᠨ᠎ᠠ᠃ ᠦᠭᠡᠷ᠎ᠡ ᠪᠠᠷ | ᠬᠡᠯᠡᠪᠡᠯ᠂ ᠡᠨᠡ ᠵᠡᠷᠯᠢᠭ ᠠᠳᠤᠭᠤᠨ ᠠᠴᠠ ᠦᠨᠳᠦᠰᠦᠯᠡᠨ 6000 ᠵᠢᠯ ᠤᠨ ᠡᠮᠦᠨ᠎ᠡ ᠠᠴᠠ ᠮᠣᠩᠭᠤᠯ ᠠᠳᠣᠭᠤᠨ ᠣᠭᠰᠢᠯ ᠡᠭᠦᠰᠦᠭᠰᠡᠨ ᠪᠠᠶᠢᠨ᠎ᠠ᠃ | ᠶᠡᠭᠡ ᠡᠵᠡᠨ ᠴᠢᠩᠭᠢᠰ ᠬᠠᠭᠠᠨ 1206 ᠣᠨ ᠳᠤ ᠨᠢᠭᠡᠳᠦᠭᠰᠡᠨ ᠣᠯᠤᠰ ᠢᠶᠠᠨ ᠪᠠᠶᠢᠭᠤᠯᠤᠭᠠᠳ ᠨᠠᠶᠠᠨ ᠨᠠᠢᠮᠠᠠ ᠭᠠᠪᠢᠶᠠᠳᠣ᠂ ᠶᠡᠷᠡᠨ ᠲᠠᠪᠣᠨ ᠮᠢᠩᠭᠠᠳᠦ ᠶᠢᠨ | ᠨᠣᠶᠠᠳ ᠲᠤ ᠬᠡᠰᠢᠭ ᠲᠠᠷᠬᠠᠭᠠᠨ ᠦᠭᠬᠦ ᠳᠡᠭᠡᠨ ᠨᠢᠭᠡ ᠴᠦ ᠮᠤᠷᠢ ᠶᠢ ᠱᠠᠩᠨᠠᠯ ᠳᠤ ᠦᠭᠭᠦᠭᠡ ᠦᠭᠡᠢ᠂ ᠵᠦᠪᠬᠡᠨ ᠬᠠᠷᠠᠴᠤ ᠠᠯᠪᠠᠳᠣ᠂ ᠠᠯᠳᠠ ᠮᠦᠩᠭᠦ᠂ ᠦᠯᠠᠮᠵᠢ | ᠬᠡᠮᠵᠢᠶᠡᠨ ᠤ ᠭᠠᠵᠠᠷ ᠨᠣᠲᠤᠭ ᠢ ᠦᠮᠴᠢᠯᠡᠵᠤ ᠦᠭᠭᠦᠭᠰᠡᠨ ᠭᠡᠳᠡᠭ᠃ ᠲᠡᠭᠦᠨᠴᠢᠯᠡᠨ ᠲᠡᠣᠬᠡᠨ ᠳᠤ ᠨᠡᠷ᠎ᠡ ᠨᠢ ᠮᠦᠩᠬᠡᠷᠡᠭᠰᠡᠨ ᠪᠠᠭᠠᠲᠤᠷ ᠤᠳ ᠤᠨ ᠱᠠᠷᠢᠯ ᠢ ᠵᠠᠪᠠᠯ | ᠬᠦᠯᠦᠭ ᠮᠣᠷᠢ ᠪᠤᠯᠤᠨ ᠬᠠᠵᠠᠭᠠᠷ᠂ ᠡᠮᠡᠭᠡᠯ᠂ ᠳᠦᠷᠦᠭᠡ ᠵᠡᠷᠭᠡ ᠡᠳ᠋ᠯᠠᠯ ᠭᠡᠷᠡᠭᠯᠡᠯ ᠢ ᠨᠢ ᠳᠠᠭᠠᠯᠳᠤᠭᠤᠯᠤᠨ ᠣᠷᠤᠰᠢᠭᠤᠯᠳᠠᠭ ᠪᠠᠶᠢᠭᠰᠠᠨ ᠨᠢ ᠬᠦᠯᠤᠭ᠌ ᠮᠤᠷᠢ ᠶᠢ | ᠪᠠᠭᠠᠲᠤᠷ ᠤᠨ ᠵᠡᠷᠭᠡ ᠳᠤ ᠬᠦᠨᠳᠦᠳᠭᠡᠵᠣ ᠪᠠᠶᠢᠭᠰᠠᠨ ᠤ ᠬᠡᠷᠡᠴᠢ ᠶᠤᠮ᠃ ᠡᠶᠢᠮᠦ ᠪᠤᠯᠠᠰᠢ ᠪᠤᠩᠬᠤᠨ ᠮᠣᠩᠭᠤᠯ ᠨᠣᠲᠤᠭ ᠲᠤ ᠣᠯᠠᠨ᠃ | ᠦᠨᠦᠳᠦᠷ ᠴᠦ ᠮᠣᠩᠭᠤᠯᠴᠣᠳ ᠮᠣᠷᠢ ᠪᠠᠨ ᠳᠡᠭᠡᠳᠦᠯᠡᠨ᠂ ᠮᠣᠩᠭᠤᠯ ᠣᠯᠤᠰ ᠤᠨ ᠲᠦᠷᠦ ᠶᠢᠨ ᠠᠯᠳᠠᠨ ᠰᠦᠯᠳᠡᠨ ᠳᠤ ᠳᠡᠯ ᠰᠡᠭᠦᠯ ᠢᠶᠠᠨ ᠬᠡᠶᠢᠰᠭᠡᠨ᠂ | ᠬᠤᠷᠳᠤᠯᠠᠨ ᠶᠠᠪᠣᠭ᠎ᠠ ᠮᠣᠷᠢ ᠪᠠᠨ ᠪᠠᠭᠲᠠᠭᠠᠵᠤ᠂ ᠮᠦᠨ ᠲᠦᠷᠦ ᠶᠢᠨ ᠶᠡᠭᠡ ᠬᠦᠨᠳᠦᠳᠭᠡᠯ ᠬᠠᠨ ᠬᠤᠭᠤᠷ ᠬᠦᠭᠵᠢᠮ ᠢᠶᠠᠨ ︽ᠮᠤᠷᠢᠨ ᠬᠤᠭᠤᠷ︾ ᠭᠡᠮᠡᠨ ᠨᠡᠷᠡᠯᠡᠭᠰᠡᠨ | ᠪᠢᠯᠡ᠃ | ᠮᠣᠩᠭᠤᠯᠴᠣᠳ ᠠᠳᠤᠭᠤ ᠶᠢ ᠰᠠᠯᠬᠢᠨ ᠠᠴᠠ ᠡᠭᠦᠰᠦᠯ ᠲᠠᠢ ᠭᠡᠳᠡᠭ᠃ ᠲᠡᠶᠢᠮᠦ ᠠᠴᠠ ᠬᠡᠶᠢᠮᠣᠷᠢ ᠭᠡᠵᠦ ᠪᠢᠴᠢᠳᠡᠭ ᠤᠨ ᠬᠤᠪᠢ ᠳᠤ ᠪᠤᠯ ᠬᠡᠢ ᠰᠠᠯᠬᠢᠨ ᠠᠴᠠ | ᠡᠭᠦᠳᠦᠯᠲᠡᠢ ᠶᠤᠮ᠃ ᠲᠡᠶᠢᠮᠦ ᠣᠴᠢᠷ ᠠᠴᠠ ᠠᠳᠤᠭᠤ ᠶᠢ ᠪᠤᠯ ᠬᠡᠶᠢᠮᠤᠷᠢᠯᠢᠭ᠌ ᠠᠮᠢᠲᠠᠨ ᠭᠡᠵᠦ ᠦᠵᠡᠳᠡᠭ᠃ ᠬᠡᠶᠢᠮᠤᠷᠢᠯᠢᠭ᠌ ᠣᠴᠢᠷ ᠠᠴᠠ ᠠᠳᠤᠭᠤᠨ ᠤ ᠮᠢᠬ᠎ᠠ ᠶᠢ | ᠲᠡᠭᠡᠷ᠎ᠡ ᠦᠶ᠎ᠡ ᠳᠤ ᠢᠳᠡᠳᠡᠭ ᠦᠭᠡᠢ ᠪᠠᠶᠢᠭᠰᠠᠨ᠃ 13 — 14 ᠳ᠋ᠦ᠋ᠭᠡᠷ ᠵᠠᠭᠤᠨ ᠤ ᠦᠶ᠎ᠡ ᠳᠤ ᠮᠣᠩᠭᠤᠯ ᠤᠨ ᠲᠠᠯ᠎ᠠ ᠨᠣᠲᠤᠭ ᠲᠤ 16 ᠰᠠᠶ᠎ᠠ ᠠᠳᠣᠭᠤ | ᠪᠡᠯᠴᠢᠵᠦ ᠪᠠᠶᠢᠭᠰᠠᠨ ᠭᠡᠰᠡᠨ ᠰᠤᠳᠤᠯᠤᠭᠠᠴᠢᠳ ᠤᠨ ᠮᠡᠳᠡᠭᠡᠯᠡᠯ ᠪᠠᠶᠢᠳᠠᠭ᠃ ᠦᠨᠡᠬᠡᠷ ᠶᠡᠭᠡ ᠠᠳᠣᠭᠤ ᠪᠠᠶᠢᠵᠤ᠂ ᠲᠡᠷᠡ ᠠᠳᠤᠭᠤ ᠪᠠᠨ ᠦᠨᠡᠬᠡᠷ ᠶᠡᠭᠡ ᠬᠠᠶᠢᠷᠠᠯᠠᠵᠦ᠂ | ᠡᠷᠬᠢᠮᠯᠡᠳᠡᠭ ᠪᠠᠶᠢᠵᠠᠢ᠃ ᠪᠦᠬᠦ ᠶᠠᠭᠤᠮ᠎ᠠ ᠶᠢ᠂ ᠲᠣᠬᠠᠶᠢᠯᠠᠪᠠᠯ ᠬᠤᠷᠳᠤ ᠶᠢ ᠡᠷᠬᠡᠰᠢᠶᠡᠯ ᠳᠡᠭᠡᠨ ᠣᠷᠤᠭᠤᠯᠬᠤ ᠳᠤ ᠠᠳᠣᠭᠤ ᠯᠠ ᠬᠥᠢᠴᠡᠳᠬᠡᠳᠡᠭ᠃ ᠦᠷᠲᠡᠭᠡ | ᠪᠠᠶᠢᠭᠤᠯᠵᠤ᠂ ᠮᠡᠳᠡᠭᠡᠯᠡᠯ ᠳᠠᠮᠵᠢᠭᠤᠯᠬᠤ ᠭᠡᠳ ᠪᠦᠬᠦᠢ ᠯᠠ ᠵᠦᠢᠯ ᠢ ᠠᠳᠣᠭᠤ ᠭᠦᠢᠴᠡᠳᠭᠡᠵᠣ ᠪᠠᠶᠢᠭᠰᠠᠨ᠃ ᠠᠳᠤᠭᠤᠨ ᠤ ᠠᠰᠢᠭ ᠰᠢᠮ᠎ᠠ᠂ ᠡᠭᠦᠷᠭᠡ ᠭᠡᠳᠡᠭ ᠮᠠᠰᠢ | ᠨᠠᠨᠳᠢᠨ᠃ ᠲᠡᠨᠳᠡ ᠠᠴᠠ ᠭᠠᠷᠭᠠᠵᠤ ᠠᠪᠤᠭᠰᠠᠨ ᠰᠦ ᠰᠠᠭᠠᠯᠢ ᠪᠠᠷ ᠨᠢ ᠮᠠᠰᠢ ᠨᠠᠷᠢᠨ ᠪᠤᠯᠪᠠᠰᠤᠷᠠᠭᠤᠯᠤᠯᠳᠠ ᠬᠢᠭᠡᠳ ᠶᠠᠮᠠᠷ ᠴᠦ ᠦᠨ᠎ᠡ ᠪᠠᠷ ᠣᠷᠤᠯᠠᠭᠤᠯᠤᠰᠢ ᠦᠭᠡᠢ | ᠨᠠᠨᠳᠢᠨ ᠤᠮᠳᠠᠭᠠᠨ ᠢ ᠠᠳᠤᠭᠤᠨ ᠠᠴᠠ ᠭᠠᠷᠭᠠᠵᠤ᠂ ᠣᠣᠭᠤᠵᠦ᠂ ᠲᠡᠭᠦᠨ ᠢᠶᠠᠷ ᠢᠶᠠᠨ ᠪᠡᠶ᠎ᠡ ᠰᠡᠳᠭᠢᠯ ᠢᠶᠠᠨ ᠲᠠᠶᠢᠪᠣᠰᠢᠷᠠᠭᠤᠯᠵᠤ᠂ ᠣᠯᠠᠮ ᠬᠦᠴᠦ ᠲᠠᠢ ᠪᠤᠯᠵᠤ᠂ | ᠡᠮᠴᠢᠯᠡᠭᠡ ᠬᠢᠳᠡᠭ ᠪᠠᠶᠢᠭᠰᠠᠨ ᠡᠶᠢᠮᠦ ᠨᠠᠷᠢᠨ ᠣᠯᠠᠮᠵᠢᠯᠠᠯ ᠲᠠᠢ᠃ | ᠳᠡᠯᠡᠬᠡᠢ ᠳᠤ ᠠᠳᠤᠭᠤᠨ ᠤ ᠣᠯᠠᠨ ᠡᠭᠦᠯᠳᠡᠷ᠂ ᠣᠭᠰᠢᠯ ᠪᠤᠢ ᠪᠤᠯᠵᠤ ᠬᠦᠭᠵᠢᠨ ᠳᠡᠪᠰᠢᠵᠤ ᠪᠠᠶᠢᠭ᠎ᠠ ᠴᠦ ᠮᠣᠩᠭᠤᠯ ᠠᠳᠣᠭᠤ ᠰᠢᠭ ᠡᠷᠲᠡᠨ ᠤ ᠬᠠᠭᠠᠰ | ᠵᠡᠷᠯᠢᠭ ᠬᠡᠯᠪᠡᠷᠢᠲᠡᠢ᠂ ᠠᠬᠤᠢ ᠶᠢᠨ ᠲᠠᠯ᠎ᠠ ᠪᠦᠷᠢ ᠶᠢᠨ ᠬᠡᠷᠡᠭᠯᠡᠭᠡᠨ ᠳᠤ ᠠᠰᠢᠭᠯᠠᠬᠤ ᠴᠣᠭᠴᠠ ᠡᠭᠦᠯᠳᠡᠷ ᠣᠳᠤ ᠬᠦᠷᠳᠡᠯ᠎ᠡ ᠪᠠᠶᠢᠬᠤ ᠦᠭᠡᠢ ᠶᠤᠮ᠃ ᠮᠣᠩᠭᠤᠯ | ᠠᠳᠣᠭᠤ 45 ᠭᠷᠠᠳᠦ᠋ᠰ ᠤᠨ ᠬᠦᠢᠲᠡᠨ ᠠᠴᠠ 45 ᠭᠷᠠᠳᠦ᠋ᠰ ᠤᠨ ᠬᠠᠯᠠᠭᠤᠨ ᠳᠤ ᠲᠡᠰᠪᠦᠷᠢᠳᠡᠢ᠃ ᠡᠪᠣᠯ ᠤᠨ ᠴᠠᠭ ᠲᠤ ᠵᠦᠪᠬᠡᠨ ᠲᠤᠭᠤᠷᠠᠢ ᠪᠠᠷ ᠢᠶᠠᠨ ᠴᠠᠰᠣ | ᠮᠠᠯᠲᠠᠨ ᠬᠠᠭᠳᠠᠷᠠᠭᠰᠠᠨ ᠡᠪᠡᠰᠣ᠂ ᠬᠠᠭᠳᠠ᠂ ᠨᠠᠪᠴᠢ ᠲᠡᠭᠦᠵᠤ ᠢᠳᠡᠳᠡᠭ᠂ ᠨᠡᠮᠡᠯᠲᠡ ᠲᠡᠵᠢᠭᠡᠯ ᠱᠠᠭᠠᠷᠳᠠᠳᠠᠭ ᠦᠭᠡᠢ ᠪᠡᠯᠴᠢᠭᠡᠷᠯᠡᠵᠦ᠂ ᠢᠳᠡᠰᠢᠯᠡᠳᠡᠭ | ᠣᠨᠴᠠᠯᠢᠭ ᠲᠠᠢ᠃ ᠵᠢᠷ ᠤᠨ ᠠᠳᠣᠭᠤ ᠴᠠᠭ ᠲᠤ 50 — 60 ᠺᠢᠯᠤᠮᠧᠲᠷ ᠬᠤᠷᠳᠤᠯᠠᠬᠤ ᠪᠦᠭᠡᠳ ᠧᠦᠶ᠋ᠷᠦᠫᠡ ᠵᠦᠭ ᠤᠨ ᠠᠳᠤᠭᠤ ᠶᠢ ᠪᠣᠳᠣᠪᠠᠯ ᠮᠣᠩᠭᠤᠯ | ᠠᠳᠣᠭᠤ ᠬᠤᠯᠠ ᠶᠢᠨ ᠵᠠᠢ ᠶᠢᠨ ᠳᠠᠪᠬᠢᠭᠠᠨ ᠳᠤ ᠮᠠᠰᠢ ᠲᠡᠰᠪᠦᠷᠢᠳᠡᠢ᠃ ᠨᠢᠭᠡ ᠠᠳᠣᠭᠤ 200 — 400 ᠺᠢᠯᠤᠭ᠍ᠷᠠᠮ ᠠᠴᠢᠶ᠎ᠠ ᠳᠠᠭᠠᠭᠠᠬᠤ ᠴᠢᠳᠠᠪᠤᠷᠢ ᠲᠠᠢ | ᠪᠦᠭᠡᠳ 25 ᠬᠦᠷᠳᠡᠯ᠎ᠡ ᠨᠠᠰᠤᠯᠠᠳᠠᠭ᠃ | ᠮᠣᠩᠭᠤᠯᠴᠣᠳ ᠠᠳᠤᠭᠤ ᠶᠢ ᠳᠦᠷᠢ ᠪᠠᠶᠢᠳᠠᠯ ᠢᠶᠠᠷ ᠨᠢ ᠦᠨᠳᠦᠷ ᠬᠡᠭᠡᠷ᠂ ᠴᠤᠮᠪᠣᠨ ᠲᠤᠭᠤᠷᠠᠢ᠂ ᠬᠢᠯᠮᠠᠩ ᠨᠢᠳᠦᠲᠦ᠂ ᠨᠠᠷᠢᠨ ᠬᠡᠭᠡᠷ᠂ ᠬᠦᠬᠡᠷᠦᠬᠦᠨ | ᠬᠠᠯᠢᠭᠤᠨ᠂ ᠵᠠᠩ ᠠᠷᠠᠨᠰᠢᠨ ᠢᠶᠠᠷ ᠨᠢ ᠬᠠᠱᠠᠩ ᠬᠠᠷ᠎ᠠ᠂ ᠬᠤᠷᠭᠤᠳᠠᠭ ᠬᠠᠯᠳᠠᠷ᠂ ᠣᠷᠤᠭ᠎ᠠ ᠪᠣᠷᠣ᠂ ᠦᠷᠬᠦᠳᠡᠭ ᠬᠦᠷᠡᠩ᠂ ᠪᠣᠰᠬᠠᠳᠠᠭ ᠪᠣᠷᠣ᠂ ᠭᠠᠵᠠᠷ ᠨᠣᠲᠤᠭ᠂ | ᠠᠭᠤᠯᠠ ᠣᠰᠤ᠂ ᠮᠣᠳᠣ ᠣᠷᠭᠤᠮᠠᠯ ᠤᠨ ᠨᠡᠷ᠎ᠡ ᠪᠠᠷ ᠽᠠᠨᠳᠠᠨ ᠬᠦᠷᠡᠩ᠂ ᠳᠠᠷᠢᠭᠠᠩᠭ᠎ᠠ ᠬᠡᠭᠡᠷ᠂ ᠰᠣᠬᠠᠢ ᠬᠦᠷᠡᠩ᠂ ᠬᠠᠶᠢᠷᠬᠠᠨ ᠤ ᠬᠠᠷ᠎ᠠ ᠭᠡᠬᠦ ᠮᠡᠲᠣ ᠪᠠᠷ ᠨᠡᠷᠡᠯᠡᠳᠡᠭ᠃ | ᠬᠠᠷᠢᠨ ᠡᠵᠡᠨ ᠤ ᠬᠢᠨᠢ ᠨᠡᠷ᠎ᠡ ᠪᠠᠷ ᠪᠠᠳᠤ ᠶᠢᠨ ᠪᠣᠭᠤᠷᠣᠯ᠂ ᠪᠤᠭᠳᠠ ᠶᠢᠨ ᠬᠠᠷ᠎ᠠ᠂ ᠡᠷᠳᠡᠨᠢᠴᠢᠯᠠᠭᠤᠨ ᠤ ᠰᠢᠷᠭ᠎ᠠ᠂ ᠣᠨᠣᠨ ᠤ ᠬᠦᠷᠡᠩ᠂ ᠪᠠᠶᠢᠭᠠᠯᠢ ᠶᠢᠨ ᠦᠵᠡᠭᠳᠡᠯ᠂ | ᠠᠷᠢᠶᠠᠲᠠᠨ ᠠᠮᠢᠳᠠᠨ ᠢᠶᠠᠷ ᠲᠤᠭᠤᠰ ᠬᠡᠭᠡᠷ᠂ ᠰᠠᠯᠬᠢᠨ ᠵᠡᠭᠡᠷᠳᠡ᠂ ᠡᠭᠦᠯᠡᠨ ᠬᠦᠭᠡ᠂ ᠰᠢᠭᠤᠷᠭᠠᠨ ᠬᠠᠷ᠎ᠠ ᠭᠡᠬᠦᠴᠢᠯᠡᠨ ᠨᠡᠷᠡᠯᠡᠨ᠎ᠡ᠃ | ᠮᠣᠩᠭᠤᠯ ᠤᠨ ᠠᠭᠤᠯᠠ ᠬᠠᠩᠭᠠᠢ ᠶᠢᠨ ᠪᠦᠰᠡ ᠳᠤ ᠬᠠᠷ᠎ᠠ᠂ ᠪᠠᠷᠠᠭᠠᠨ ᠵᠢᠰᠦᠮ ᠤᠨ ᠠᠳᠣᠭᠤ ᠵᠤᠩᠭᠢᠯᠡᠵᠤ ᠪᠠᠶᠢᠬᠤ ᠳᠤ ᠭᠤᠪᠢ ᠬᠡᠭᠡᠷ ᠲᠠᠯ᠎ᠠ ᠣᠷᠤᠭᠤ ᠪᠠᠨ | ᠬᠤᠯᠠ᠂ ᠰᠢᠷᠭ᠎ᠠ᠂ ᠬᠤᠩᠭᠤᠷ ᠵᠢᠰᠦᠮ ᠤᠨ ᠠᠳᠣᠭᠤ ᠳᠠᠪᠠᠮᠠᠭᠠᠢ ᠪᠠᠶᠢᠳᠠᠭ᠃ ᠡᠨᠡ ᠨᠢ ᠮᠣᠩᠭᠤᠯ ᠠᠳᠤᠭᠤᠨ ᠤ ᠪᠠᠶᠢᠭᠠᠯᠢ ᠴᠠᠭ ᠠᠭᠤᠷ ᠤᠨ ᠨᠦᠬᠦᠴᠡᠯ ᠲᠠᠢ ᠪᠠᠨ | ᠵᠣᠬᠢᠴᠠᠭᠰᠠᠨ ᠤ ᠰᠢᠨᠵᠢ ᠶᠤᠮ᠃ ᠣᠴᠢᠷ ᠨᠢ ᠮᠣᠩᠭᠤᠯ ᠤᠨ ᠬᠠᠩᠭᠠᠢ ᠶᠢᠨ ᠠᠭᠤᠯᠠᠰ ᠤᠨ ᠪᠦᠰᠡ ᠳᠤ ᠡᠪᠦᠯ ᠬᠦᠢᠲᠡᠨ᠂ ᠴᠠᠰᠣ ᠶᠡᠭᠡ ᠣᠷᠤᠳᠠᠭ᠂ ᠰᠡᠷᠢᠭᠦᠨ | ᠪᠠᠶᠢᠬᠤ ᠳᠤ ᠲᠠᠯ᠎ᠠ ᠬᠡᠭᠡᠷ᠎ᠡ᠂ ᠭᠤᠪᠢ ᠶᠢᠨ ᠪᠦᠰᠡ ᠳᠤ ᠵᠤᠨ ᠨᠠᠮᠤᠷ ᠲᠣᠯᠠᠭᠠᠬᠠᠨ᠂ ᠡᠪᠡᠰᠣ ᠣᠷᠭᠤᠮᠠᠯ ᠨᠢ ᠲᠠᠴᠢᠷᠬᠠᠨ᠂ ᠪᠡᠯᠴᠢᠭᠡᠷᠯᠡᠬᠦ ᠳᠠᠯᠠᠪᠠᠢ ᠮᠠᠰᠢ ᠠᠭᠤᠵᠢᠮ | ᠪᠠᠶᠢᠳᠠᠭ᠃ ᠰᠤᠨᠢᠷᠬᠠᠭᠤᠯᠬᠤ ᠳᠤ᠂ ᠴᠢᠩᠭᠢᠰ ᠬᠠᠭᠠᠨ ᠪᠠᠭ᠎ᠠ ᠪᠠᠯᠴᠢᠷ ᠠᠬᠤᠢ ᠳᠠᠭᠠᠨ ᠨᠠᠢᠮᠠᠠ ᠰᠢᠷᠭ᠎ᠠ ᠮᠤᠷᠢ ᠲᠠᠢ ᠪᠠᠶᠢᠭᠰᠠᠨ ᠲᠤᠬᠠᠢ ᠮᠣᠩᠭᠤᠯ ᠤᠨ ᠨᠢᠭᠤᠴᠠ | ᠳᠤᠪᠴᠢᠶᠠᠨ ᠳᠤ ᠲᠣᠳᠣ ᠳᠣᠷᠠᠳᠣᠭᠳᠠᠭᠰᠠᠨ ᠪᠤᠢ᠃ ᠡᠨᠡ ᠨᠢ ᠲᠡᠮᠦᠵᠢᠨ ᠣᠳᠤ ᠶᠢᠨ ᠳᠤᠷᠤᠨᠠᠲᠤ ᠮᠣᠩᠭᠤᠯ ᠤᠨ ᠶᠡᠭᠡ ᠲᠠᠯ᠎ᠠ ᠳᠤ ᠠᠮᠢᠳᠤᠷᠠᠵᠤ ᠪᠠᠶᠢᠭᠰᠠᠨ ᠢ | ᠭᠡᠷᠡᠴᠢᠯᠡᠨ᠎ᠡ᠃ ᠡᠭᠦᠨ ᠠᠴᠠ ᠬᠤᠶᠢᠰᠢ ᠨᠠᠢᠮᠠᠠ ᠵᠠᠭᠤᠨ ᠤ ᠳᠠᠷᠠᠭ᠎ᠠ ᠴᠦ ᠮᠣᠩᠭᠤᠯ ᠤᠨ ᠵᠡᠭᠦᠨ ᠬᠢᠵᠠᠭᠠᠷ ᠲᠤ ᠣᠷᠣᠰᠢᠬᠤ ᠬᠡᠨᠲᠠᠢ᠂ ᠳᠤᠷᠤᠨᠠᠲᠤ ᠠᠶᠢᠮᠠᠭ ᠤᠨ | ᠮᠤᠷᠢᠳ ᠬᠤᠷᠳᠤ ᠲᠠᠢ᠂ ᠭᠤᠣᠯᠳᠠᠭᠤ ᠬᠤᠯᠠ ᠬᠤᠩᠭᠤᠷ᠂ ᠰᠢᠷᠭ᠎ᠠ ᠵᠢᠰᠦᠮ ᠤᠨ ᠠᠳᠣᠭᠤ ᠪᠠᠶᠢᠭᠰᠠᠭᠠᠷ ᠪᠠᠶᠢᠨ᠎ᠠ᠃ | ᠮᠣᠩᠭᠤᠯ ᠠᠳᠣᠭᠤ ᠡᠬᠡ ᠠᠴᠠ ᠣᠨᠠᠭᠰᠠᠨ ᠭᠠᠵᠠᠷ᠂ ᠠᠩᠬ᠎ᠠ ᠠᠮᠰᠠᠭᠰᠠᠨ ᠭᠤᠣᠯ ᠣᠰᠣ ᠪᠠᠨ ᠶᠠᠮᠠᠷ ᠴᠦ ᠦᠶ᠎ᠡ ᠳᠤ ᠣᠯᠵᠤ ᠢᠷᠡᠳᠡᠭ ᠪᠠᠰᠠ ᠨᠢᠭᠡᠨ | ᠭᠠᠶᠢᠬᠠᠮᠰᠢᠭᠳᠦ ᠣᠨᠴᠠᠯᠢᠭ ᠲᠠᠢ᠃ ᠡᠨᠡ ᠲᠤᠬᠠᠢ ᠣᠯᠠᠨ ᠰᠣᠨᠢᠷᠬᠠᠯᠲᠠᠢ ᠪᠠᠷᠢᠮᠲᠠ ᠪᠤᠢ᠃ ᠲᠣᠬᠠᠶᠢᠯᠠᠪᠠᠯ᠂ ᠮᠣᠩᠭᠤᠯ ᠤᠨ ᠲᠡᠣᠬᠡᠨ ᠳᠤ ᠭᠠᠳᠠᠭᠠᠳᠤ ᠣᠷᠤᠨ ᠳᠤ | ᠸᠠᠭᠤᠨ ᠢᠶᠠᠷ ᠠᠴᠢᠭᠳᠠᠵᠤ ᠶᠠᠪᠣᠭᠰᠠᠨ ᠠᠳᠤᠭᠤᠨ ᠠᠴᠠ ᠪᠣᠴᠠᠵᠣ ᠨᠣᠳᠤᠭ ᠲᠠᠭᠠᠨ ᠢᠷᠡᠭᠰᠡᠨ ᠠᠳᠣᠭᠤ ᠴᠦᠬᠡᠨ ᠦᠬᠡᠢ᠃ 1941 ᠣᠨ ᠤ ᠲᠡᠯᠡᠬᠡᠢ ᠶᠢᠨ | ᠬᠤᠶᠠᠳᠤᠭᠠᠷ ᠳᠠᠶᠢᠨ ᠳᠤ ᠮᠣᠩᠭᠤᠯ ᠠᠴᠠ ᠣᠷᠣᠯᠴᠠᠭᠰᠠᠨ ᠣᠨᠣᠯᠭ᠎ᠠ ᠶᠢᠨ ᠠᠳᠣᠭᠤ ᠪᠧᠷᠯᠢᠨ ᠬᠤᠳᠠ ᠠᠴᠠ ᠡᠬᠡ ᠨᠣᠲᠤᠭ ᠣᠷᠤᠭᠤ ᠪᠠᠨ ᠭᠦᠶᠦᠵᠤ᠂ ᠪᠠᠷᠠᠭᠤᠨ | ᠧᠦᠶ᠋ᠷᠦᠫᠡ᠂ ᠣᠷᠣᠰ ᠤᠨ ᠲᠠᠯ᠎ᠠ᠂ ᠰᠢᠪᠧᠷᠢᠶ᠎ᠠ ᠶᠢᠨ ᠶᠡᠭᠡ ᠬᠦᠪᠴᠢ ᠲᠠᠶᠢᠭ᠎ᠠ ᠶᠢ ᠭᠠᠳᠣᠯᠣᠨ ᠢᠷᠡᠭᠰᠡᠨ ᠪᠠᠶᠢᠬᠤ ᠳᠤ ᠸᠢᠶᠧᠲᠨᠡᠮ ᠤᠨ ᠳᠠᠶᠢᠨ ᠠᠴᠠ ᠮᠣᠩᠭᠤᠯ ᠤᠨ | ᠲᠦᠪ ᠠᠶᠢᠮᠠᠭ ᠤᠨ ᠮᠦᠩᠭᠦᠨ ᠮᠤᠷᠢᠳᠤ ᠰᠤᠮᠤ ᠶᠢᠨ ᠨᠢᠭᠡᠨ ᠠᠳᠣᠭᠤ ᠡᠬᠡ ᠨᠣᠲᠤᠭ ᠣᠷᠤᠭᠤ ᠪᠠᠨ ᠭᠦᠶᠦᠵᠤ 3 ᠵᠢᠯ ᠤᠨ ᠲᠠᠷᠠᠭ᠎ᠠ ᠢᠵᠢᠯᠢ ᠰᠦᠷᠦᠭ ᠲᠠᠢ ᠪᠠᠨ | ᠨᠡᠶᠢᠯᠡᠭᠰᠡᠨ ᠭᠡᠳ ᠪᠣᠳᠠᠲᠦ ᠦᠢᠯᠡ ᠶᠠᠪᠣᠳᠠᠯ ᠣᠯᠠᠨ ᠲᠤᠬᠢᠶᠠᠵᠠᠢ᠃ | ᠰᠤᠨᠢᠷᠬᠠᠭᠤᠯᠬᠤ ᠳᠤ᠂ ᠲᠡᠯᠡᠬᠡᠢ ᠶᠢᠨ ᠬᠤᠶᠠᠳᠤᠭᠠᠷ ᠳᠠᠶᠢᠨ ᠤ ᠬᠦᠨᠳᠦ ᠨᠦᠬᠦᠴᠡᠯ ᠳᠤ ᠡᠸᠦᠶ᠋ᠷᠦᠫᠠ ᠶᠢᠨ ᠮᠤᠷᠢᠳ ᠣᠪᠢᠶᠠᠰᠦ᠂ ᠪᠣᠭᠤᠲᠠᠢ ᠵᠡᠷᠭᠡ ᠢᠳᠡᠰᠢ | ᠲᠡᠵᠢᠭᠡᠯ ᠢᠶᠠᠨ ᠲᠠᠪᠬᠤᠷ ᠠᠪᠴᠤ ᠶᠠᠪᠣᠳᠠᠭ ᠪᠠᠶᠢᠬᠤ ᠳᠤ ᠮᠣᠩᠭᠤᠯ ᠮᠤᠷᠢᠳ ᠵᠦᠪᠬᠡᠨ ᠴᠠᠰᠣ ᠮᠠᠯᠲᠠᠵᠤ᠂ ᠡᠪᠡᠰᠣ ᠲᠡᠵᠢᠭᠡᠯ ᠢᠶᠠᠨ ᠣᠯᠵᠤ ᠢᠳᠡᠭᠡᠳ᠂ ᠬᠦᠴᠦ | ᠲᠡᠪᠡᠭᠡᠷᠡᠭ ᠠᠪᠴᠤ ᠪᠠᠶᠢᠭᠰᠠᠨ ᠢ ᠴᠡᠷᠢᠭ ᠤᠳ ᠬᠤᠵᠢᠮ ᠨᠢ ᠲᠣᠷᠠᠳᠬᠠᠯ ᠪᠤᠯᠭᠠᠨ ᠳᠤ ᠮᠠᠭᠲᠠᠨ ᠪᠢᠴᠢᠭᠰᠡᠨ ᠪᠠᠶᠢᠳᠠᠭ᠃ ᠨᠦᠭᠦᠭᠡ ᠲᠠᠯ᠎ᠠ ᠪᠠᠷ ᠬᠠᠷᠢ ᠣᠯᠤᠰ ᠲᠤ | ᠣᠴᠢᠭᠰᠠᠨ ᠮᠣᠩᠭᠤᠯ ᠠᠳᠣᠭᠤᠨ ᠢᠵᠢᠯᠢ ᠰᠦᠷᠦᠭ ᠣᠭ ᠭᠠᠵᠠᠷ ᠨᠣᠳᠤᠭ ᠲᠠᠭᠠᠨ ᠢᠳᠡᠭᠡᠰᠢᠭᠰᠡᠨ ᠬᠡᠳᠦᠢ ᠴᠦ᠂ ᠦᠭᠡᠷ᠎ᠡ ᠴᠢᠰᠤᠨ ᠤ ᠠᠳᠤᠭᠤ ᠲᠠᠢ ᠡᠪᠰᠡᠳᠡᠭ | ᠦᠭᠡᠢ ᠣᠨᠴᠠᠯᠢᠭ ᠲᠠᠢ᠃ ᠡᠭᠦᠨ ᠤ ᠵᠢᠱᠢᠶ᠎ᠡ ᠪᠤᠯᠭᠠᠵᠤ ᠰᠤᠯᠤᠩᠭᠤᠰ ᠤᠨ ᠮᠣᠩᠭᠤᠯ ᠠᠳᠤᠭᠤ ᠶᠢ ᠨᠡᠷᠡᠯᠡᠵᠤ ᠪᠤᠯᠬᠤ ᠶᠤᠮ᠃ | ᠮᠣᠩᠭᠤᠯᠴᠣᠳ ᠠᠳᠤᠭᠤ ᠪᠠᠨ ᠠᠶᠠᠨ ᠵᠠᠮ ᠳᠤ ᠣᠨᠣᠬᠤ᠂ ᠣᠷᠣᠯᠳᠣᠭᠤᠯᠬᠤ᠂ ᠰᠦ᠂ ᠮᠢᠬ᠎ᠠ ᠶᠢ ᠨᠢ ᠬᠦᠨᠡᠰᠦᠨ ᠳᠤ ᠬᠡᠷᠡᠭᠯᠡᠬᠦ᠂ ᠮᠦᠨ ᠠᠷᠠᠰᠦ᠂ ᠶᠠᠰᠣ᠂ | ᠦᠰᠦ᠂ ᠨᠣᠣᠰᠤ ᠶᠢ ᠨᠢ ᠠᠬᠤᠢ ᠶᠢᠨ ᠬᠡᠷᠡᠭᠴᠡᠭᠡᠨ ᠳᠤ ᠦᠷᠭᠡᠨ ᠠᠰᠢᠭᠯᠠᠳᠠᠭ᠃ ᠮᠣᠩᠭᠤᠯ ᠭᠡᠬᠦᠤ ᠶᠢᠨ ᠰᠦ ᠪᠤᠶᠤ ᠰᠠᠭᠠᠮ᠎ᠠ ᠡᠷᠡᠭᠦᠯ ᠠᠬᠤᠢ ᠡᠮᠴᠢᠯᠡᠭᠡᠨ ᠤ | ᠬᠡᠷᠡᠭᠰᠡᠯ ᠪᠤᠯᠳᠠᠭ ᠢᠶᠠᠷ ᠢᠶᠠᠨ ᠣᠯᠠᠨ ᠣᠯᠤᠰ ᠤᠨ ᠬᠡᠮᠵᠢᠶᠡᠨ ᠳᠤ ᠨᠢᠭᠡᠨᠲᠡ ᠦᠨᠡᠯᠡᠭᠳᠡᠭᠰᠡᠨ ᠶᠤᠮ᠃ ᠡᠨᠡ ᠮᠡᠳᠦᠴᠢᠯᠡᠨ ᠮᠣᠩᠭᠤᠯ ᠠᠳᠤᠭᠤᠨ ᠳᠤ ᠣᠯᠠᠨ | ᠭᠠᠶᠢᠬᠠᠮᠰᠢᠭᠳᠦ ᠰᠢᠨᠵᠢ ᠴᠤᠭᠴᠠᠯᠠᠵᠠᠢ᠃ ︵︽ᠬᠤᠯᠪᠤᠭ᠎ᠠ ᠰᠥᠯᠵᠢᠶᠡᠨ︾ ᠠᠴᠠ︶ | | | |