ᠲᠡᠯᠡᠬᠡᠢ ᠶᠢ ᠳᠠᠮᠠᠭᠠᠯᠠᠭᠰᠠᠨ ᠮᠤᠩᠭᠤᠯ ᠠᠳᠤᠭᠤ
ᠨᠡᠶᠢᠲᠡᠯᠡᠭᠰᠡᠨ ᠴᠠᠭ᠄
2023/6/5
                                          ︽ᠮᠣᠩᠭᠤᠯᠴᠣᠳ ᠤᠨ ᠦᠨᠡᠨᠴᠢ ᠲᠣᠰᠠᠯᠠᠭᠴᠢ ᠠᠳᠣᠭᠤ ᠬᠠᠮᠢᠭ᠎ᠠ ᠠᠴᠠ᠂ ᠬᠡᠵᠢᠶ᠎ᠡ ᠡᠭᠦᠰᠦᠨ ᠪᠤᠢ ᠪᠣᠯᠪᠡ︾︖ ᠡᠨᠡ ᠠᠰᠠᠭᠤᠯᠳᠠ ᠶᠢᠨ ᠬᠠᠷᠢᠭᠤᠯᠲᠠ ᠳᠤ ᠲᠡᠯᠡᠬᠡᠢ ᠶᠢᠨ ᠡᠷᠳᠡᠮᠲᠡᠳ ︽ᠮᠣᠩᠭᠤᠯ ᠠᠴᠠ ᠭᠠᠷᠤᠯ ᠲᠠᠢ︾ ᠭᠡᠮᠡᠨ ᠨᠢᠭᠡᠨ ᠳᠠᠭᠤ ᠪᠠᠷ ᠬᠠᠷᠢᠭᠤᠯᠳᠠᠭ᠃ ᠣᠴᠢᠷ ᠨᠢ ᠮᠣᠩᠭᠤᠯ ᠠᠴᠠ ᠣᠯᠳᠠᠭᠰᠠᠨ ᠡᠷᠲᠡᠨ ᠤ ᠠᠳᠤᠭᠤᠨ ᠤ ᠤᠯᠳᠠᠪᠤᠷᠢ ᠨᠤᠭᠤᠳ ᠲᠤ ᠲᠣᠯᠭᠤᠷᠢᠯᠠᠨ ᠠᠳᠤᠭᠤᠨ ᠤ ᠡᠪᠦᠭᠡ ᠮᠣᠩᠭᠤᠯ ᠤᠨ ᠭᠤᠪᠢ ᠳᠤ ᠡᠭᠦᠰᠦᠭᠡᠳ ᠲᠡᠯᠡᠬᠡᠢ ᠶᠢᠨ ᠪᠦᠮᠪᠦᠷᠴᠡᠭ ᠤᠨ ᠦᠨᠴᠦᠭ ᠪᠣᠯᠣᠩ ᠪᠦᠷᠢ ᠳᠤ ᠲᠠᠷᠬᠠᠭᠰᠠᠨ ᠢ ᠣᠯᠠᠨ ᠰᠤᠳᠤᠯᠭ᠎ᠠ ᠨᠣᠳᠠᠯᠠᠵᠤ ᠪᠠᠶᠢᠨ᠎ᠠ᠃

6.5.1.jpg

    

      ᠠᠮᠧᠷᠢᠺᠠ ᠶᠢᠨ ᠡᠷᠳᠡᠮᠲᠡᠨ ᠧᠨᠳᠧᠷᠶᠤᠰ ᠤᠨ ᠡᠺᠰᠫᠶᠧᠳᠴᠢ 1924 ᠣᠨ ᠳᠤ ᠮᠣᠩᠭᠤᠯ ᠤᠨ ᠭᠤᠪᠢ ᠠᠴᠠ ᠠᠳᠤᠭᠤᠨ ᠤ ᠡᠪᠦᠭᠡ ᠭᠡᠭᠳᠡᠳᠡᠭ ᠠᠪᠣᠷᠭᠤ ᠲᠣᠮᠣ

ᠮᠧᠽᠤᠨᠢᠬᠢᠳ᠋ — ᠺᠤᠨᠳᠢᠫᠢᠷᠳ᠋ᠷ ᠣᠯᠤᠭᠰᠠᠨ ᠪᠤᠯ ᠡᠮᠦᠨᠡᠭᠤᠪᠢ ᠠᠶᠢᠮᠠᠭ ᠤᠨ ᠭᠤᠷᠪᠠᠨ ᠰᠠᠶᠢᠬᠠᠨ ᠰᠤᠮᠤ ᠶᠢᠨ ᠬᠠᠰᠢᠶᠠᠲᠤ ᠭᠡᠳᠡᠭ ᠭᠠᠵᠠᠷ ᠠᠴᠠ 65 ᠰᠠᠶ᠎ᠠ ᠵᠢᠯ ᠤᠨ

ᠡᠮᠦᠨᠡᠬᠢ ᠠᠳᠤᠭᠤᠨ ᠤ ᠶᠠᠰᠣ ᠣᠯᠵᠠᠢ᠃ ᠲᠡᠭᠦᠨᠴᠢᠯᠡᠨ ᠣᠷᠤᠰ ᠤᠨ ᠬᠤᠯᠪᠣᠭᠠᠨ ᠤ ᠣᠯᠤᠰ ᠤᠨ ᠫᠠᠯᠧᠨ᠋ᠲ᠋ᠤᠯᠤᠭᠢ ᠶᠢᠨ ᠡᠺᠰᠫᠶᠧᠳᠴᠢ ᠮᠣᠩᠭᠤᠯ ᠤᠨ ᠳᠤᠷᠤᠨᠠᠭᠤᠪᠢ

ᠠᠶᠢᠮᠠᠭ ᠤᠨ ᠡᠷᠬᠢᠯᠲᠡ ᠶᠢᠨ ᠵᠣ ᠠᠴᠠ ᠲᠠᠪᠣᠨ ᠰᠠᠯᠠᠭ᠎ᠠ ᠬᠤᠷᠤᠭᠤ ᠲᠠᠢ ᠪᠦᠳᠦᠭᠦᠯᠢᠭ ᠠᠳᠣᠭᠤ᠂ 1975 ᠣᠨ ᠳᠤ ᠦᠪᠦᠷᠬᠠᠩᠭᠠᠢ ᠶᠢᠨ ᠬᠤᠯᠪᠤᠭᠠᠵᠢ ᠨᠠᠭᠤᠷ ᠭᠡᠳᠡᠭ

ᠭᠠᠵᠠᠷ ᠠᠴᠠ ᠲᠦᠷᠪᠡᠨ ᠬᠤᠷᠤᠭᠤ ᠲᠠᠢ ᠠᠳᠣᠭᠤ ᠣᠯᠤᠭᠰᠠᠨ ᠨᠢ 65 — 63 ᠰᠠᠶ᠎ᠠ ᠵᠢᠯ ᠤᠨ ᠡᠮᠦᠨ᠎ᠡ ᠮᠣᠩᠭᠤᠯ ᠨᠣᠲᠤᠭ ᠲᠤ ᠠᠮᠢᠳᠤᠷᠠᠵᠤ ᠪᠠᠶᠢᠭᠰᠠᠨ ᠲᠠᠪᠣᠨ

ᠬᠤᠷᠤᠭᠤ ᠲᠠᠢ ᠠᠳᠤᠭᠤᠨ ᠤ ᠵᠠᠯᠭᠠᠮᠵᠢ ᠡᠪᠦᠭᠡ ᠭᠡᠵᠦ ᠡᠷᠳᠡᠮᠲᠡᠳ ᠲᠣᠭᠲᠠᠭᠠᠵᠠᠢ᠃ ᠡᠨᠡ ᠮᠡᠳᠦᠴᠢᠯᠡᠨ ᠲᠡᠯᠡᠬᠡᠢ ᠶᠢᠨ ᠠᠳᠤᠭᠤᠨ ᠤ ᠡᠪᠦᠭᠡ ᠮᠣᠩᠭᠤᠯ ᠨᠣᠲᠤᠭ ᠲᠤ

ᠪᠠᠶᠢᠵᠠᠢ ᠭᠡᠵᠦ ᠦᠵᠡᠬᠦ ᠣᠯᠠᠨ ᠪᠠᠲᠣᠯᠠᠭ᠎ᠠ ᠲᠡᠮᠳᠡᠭᠯᠡᠭᠳᠡᠨ ᠦᠯᠡᠳᠡᠭᠰᠡᠨ ᠪᠠᠶᠢᠨ᠎ᠠ᠃ ᠢᠩᠬᠢᠵᠦ ᠠᠩᠬᠠᠨ ᠤ ᠲᠠᠪᠣᠨ ᠰᠠᠯᠠᠭ᠎ᠠ ᠬᠤᠷᠤᠭᠤ ᠲᠠᠢ ᠠᠳᠤᠭᠤᠨ ᠠᠴᠠ ᠣᠷᠴᠢᠨ

ᠦᠶ᠎ᠡ ᠶᠢᠨ ᠨᠢᠭᠡ ᠲᠣᠭᠤᠷᠠᠢ ᠲᠠᠢ ᠠᠳᠣᠭᠤ ᠬᠦᠷᠲᠡᠯᠡᠬᠢ ᠣᠯᠠᠨ ᠰᠠᠶ᠎ᠠ ᠵᠢᠯ ᠤᠨ ᠬᠦᠭᠵᠢᠯ ᠤᠨ ᠶᠠᠪᠤᠴᠠ ᠳᠤ ᠳᠡᠯᠡᠬᠡᠢ ᠲᠡᠭᠡᠷ᠎ᠡ ᠡᠭᠦᠰᠦᠭᠰᠡᠨ 200 ᠊ᠭᠠᠳ ᠬᠡᠯᠪᠡᠷᠢ ᠶᠢᠨ

ᠠᠳᠣᠭᠤ ᠮᠣᠩᠭᠤᠯ ᠣᠳᠤᠮ ᠤᠨ ᠠᠵᠢ᠃

      ᠡᠨᠡ ᠨᠢ ᠮᠣᠩᠭᠤᠯᠴᠣᠳ ᠤᠨ᠂ ᠢᠯᠠᠩᠭᠤᠶ᠎ᠠ ᠴᠢᠩᠭᠢᠰ ᠤᠨ ᠦᠶ᠎ᠡ ᠶᠢᠨ ᠶᠡᠭᠡ ᠠᠶᠠᠨ ᠲᠠᠶᠢᠨ ᠢᠶᠠᠷ ᠮᠣᠩᠭᠤᠯ ᠴᠡᠷᠢᠭ ᠤᠳ ᠵᠦᠪᠬᠡᠨ ᠮᠣᠷᠢ ᠪᠠᠷ ᠢᠶᠠᠨ ᠲᠡᠯᠡᠬᠡᠢ ᠶᠢᠨ

ᠦᠨᠴᠦᠭ ᠪᠣᠯᠣᠩ ᠪᠦᠷᠢ ᠳᠤ ᠬᠦᠷᠴᠦ᠂ ᠵᠠᠷᠢᠮ ᠨᠢ ᠲᠡᠨᠳᠡ ᠪᠠᠨ ᠲᠤᠬᠠᠢ ᠶᠢᠨ ᠣᠯᠤᠰ ᠢ ᠲᠦᠪᠬᠢᠨᠡᠬᠦᠯᠣᠨ ᠰᠠᠭᠤᠷᠢᠰᠢᠵᠤ ᠪᠠᠶᠢᠭᠰᠠᠨ ᠲᠠᠢ ᠬᠤᠯᠪᠤᠭᠠᠲᠠᠢ ᠶᠤᠮ᠃

ᠡᠶᠢᠮᠣ ᠠᠴᠠ ᠴᠦ ᠮᠣᠩᠭᠤᠯᠴᠣᠳ ᠢ ︽ᠮᠣᠷᠢᠲᠠᠨ ᠮᠣᠩᠭᠤᠯᠴᠣᠳ︾ ᠭᠡᠮᠡᠨ ᠳᠡᠯᠡᠬᠡᠢ ᠲᠠᠶᠠᠭᠠᠷ ᠨᠡᠷᠡᠯᠡᠳᠡᠭ ᠪᠢᠯᠡ᠃ ᠰᠤᠨᠢᠷᠬᠠᠭᠤᠯᠤᠨ ᠦᠭᠦᠯᠡᠬᠦ ᠳᠤ᠂ ᠬᠦᠢ ᠨᠢᠭᠡᠲᠦᠯ ᠤᠨ

ᠦᠶ᠎ᠡ ᠠᠴᠠ ᠡᠬᠢᠯᠡᠨ ᠠᠳᠣᠭᠤ ᠨᠣᠬᠠᠢ ᠬᠤᠶᠠᠷ ᠮᠣᠩᠭᠤᠯᠴᠣᠳ ᠤᠨ ᠰᠠᠯᠤᠰᠢ ᠦᠭᠡᠢ ᠠᠨᠳᠠ᠂ ᠦᠨᠡᠨᠴᠢ ᠨᠦᠬᠦᠷ ᠪᠣᠯᠣᠭᠰᠠᠨ ᠲᠤᠬᠠᠢ ᠪᠠᠷᠢᠮᠲᠠ ᠨᠤᠭᠤᠳ ᠮᠣᠩᠭᠤᠯ

ᠨᠣᠲᠤᠭ ᠤᠨ ᠬᠠᠳᠠ ᠴᠢᠯᠠᠭᠤᠨ ᠲᠡᠭᠡᠷ᠎ᠡ ᠣᠯᠠᠨ ᠪᠤᠢ᠃ ᠣᠴᠢᠷ ᠨᠢ ᠲᠡᠯᠡᠬᠡᠢ ᠶᠢᠨ ᠠᠳᠤᠭᠤᠰᠤᠨ ᠲᠦᠷᠦᠯ ᠤᠨ ᠠᠮᠢᠳᠠᠨ ᠤ ᠬᠠᠮᠤᠭ ᠤᠨ ᠶᠡᠭᠡ᠂ ᠪᠠᠷᠤᠭ 90 ᠬᠤᠪᠢ ᠨᠢ

ᠮᠣᠩᠭᠤᠯ ᠭᠠᠵᠠᠷ ᠰᠢᠷᠣᠢ ᠶᠢᠨ ᠲᠡᠭᠡᠷ᠎ᠡ ᠵᠡᠷᠯᠢᠭ ᠢᠶᠠᠷ ᠰᠦᠷᠦᠭᠯᠡᠨ ᠣᠷᠣᠰᠢᠵᠦ ᠪᠠᠶᠢᠭᠰᠠᠨ ᠪᠠᠶᠢᠨ᠎ᠠ᠃ ᠦᠭᠡᠷ᠎ᠡ ᠪᠠᠷ ᠬᠡᠯᠡᠪᠡᠯ᠂ ᠡᠨᠡ ᠵᠡᠷᠯᠢᠭ ᠠᠳᠤᠭᠤᠨ ᠠᠴᠠ

ᠦᠨᠳᠦᠰᠦᠯᠡᠨ 6000 ᠵᠢᠯ ᠤᠨ ᠡᠮᠦᠨ᠎ᠡ ᠠᠴᠠ ᠮᠣᠩᠭᠤᠯ ᠠᠳᠣᠭᠤᠨ ᠣᠭᠰᠢᠯ ᠡᠭᠦᠰᠦᠭᠰᠡᠨ ᠪᠠᠶᠢᠨ᠎ᠠ᠃

      ᠶᠡᠭᠡ ᠡᠵᠡᠨ ᠴᠢᠩᠭᠢᠰ ᠬᠠᠭᠠᠨ 1206 ᠣᠨ ᠳᠤ ᠨᠢᠭᠡᠳᠦᠭᠰᠡᠨ ᠣᠯᠤᠰ ᠢᠶᠠᠨ ᠪᠠᠶᠢᠭᠤᠯᠤᠭᠠᠳ ᠨᠠᠶᠠᠨ ᠨᠠᠢᠮᠠᠠ ᠭᠠᠪᠢᠶᠠᠳᠣ᠂ ᠶᠡᠷᠡᠨ ᠲᠠᠪᠣᠨ ᠮᠢᠩᠭᠠᠳᠦ ᠶᠢᠨ

ᠨᠣᠶᠠᠳ ᠲᠤ ᠬᠡᠰᠢᠭ ᠲᠠᠷᠬᠠᠭᠠᠨ ᠦᠭᠬᠦ ᠳᠡᠭᠡᠨ ᠨᠢᠭᠡ ᠴᠦ ᠮᠤᠷᠢ ᠶᠢ ᠱᠠᠩᠨᠠᠯ ᠳᠤ ᠦᠭᠭᠦᠭᠡ ᠦᠭᠡᠢ᠂ ᠵᠦᠪᠬᠡᠨ ᠬᠠᠷᠠᠴᠤ ᠠᠯᠪᠠᠳᠣ᠂ ᠠᠯᠳᠠ ᠮᠦᠩᠭᠦ᠂ ᠦᠯᠠᠮᠵᠢ

ᠬᠡᠮᠵᠢᠶᠡᠨ ᠤ ᠭᠠᠵᠠᠷ ᠨᠣᠲᠤᠭ ᠢ ᠦᠮᠴᠢᠯᠡᠵᠤ ᠦᠭᠭᠦᠭᠰᠡᠨ ᠭᠡᠳᠡᠭ᠃ ᠲᠡᠭᠦᠨᠴᠢᠯᠡᠨ ᠲᠡᠣᠬᠡᠨ ᠳᠤ ᠨᠡᠷ᠎ᠡ ᠨᠢ ᠮᠦᠩᠬᠡᠷᠡᠭᠰᠡᠨ ᠪᠠᠭᠠᠲᠤᠷ ᠤᠳ ᠤᠨ ᠱᠠᠷᠢᠯ ᠢ ᠵᠠᠪᠠᠯ ᠬᠦᠯᠦᠭ

ᠮᠣᠷᠢ ᠪᠤᠯᠤᠨ ᠬᠠᠵᠠᠭᠠᠷ᠂ ᠡᠮᠡᠭᠡᠯ᠂ ᠳᠦᠷᠦᠭᠡ ᠵᠡᠷᠭᠡ ᠡᠳ᠋ᠯᠠᠯ ᠭᠡᠷᠡᠭᠯᠡᠯ ᠢ ᠨᠢ ᠳᠠᠭᠠᠯᠳᠤᠭᠤᠯᠤᠨ ᠣᠷᠤᠰᠢᠭᠤᠯᠳᠠᠭ ᠪᠠᠶᠢᠭᠰᠠᠨ ᠨᠢ ᠬᠦᠯᠤᠭ᠌ ᠮᠤᠷᠢ ᠶᠢ ᠪᠠᠭᠠᠲᠤᠷ ᠤᠨ

ᠵᠡᠷᠭᠡ ᠳᠤ ᠬᠦᠨᠳᠦᠳᠭᠡᠵᠣ ᠪᠠᠶᠢᠭᠰᠠᠨ ᠤ ᠬᠡᠷᠡᠴᠢ ᠶᠤᠮ᠃ ᠡᠶᠢᠮᠦ ᠪᠤᠯᠠᠰᠢ ᠪᠤᠩᠬᠤᠨ ᠮᠣᠩᠭᠤᠯ ᠨᠣᠲᠤᠭ ᠲᠤ ᠣᠯᠠᠨ᠃

     ᠦᠨᠦᠳᠦᠷ ᠴᠦ ᠮᠣᠩᠭᠤᠯᠴᠣᠳ ᠮᠣᠷᠢ ᠪᠠᠨ ᠳᠡᠭᠡᠳᠦᠯᠡᠨ᠂ ᠮᠣᠩᠭᠤᠯ ᠣᠯᠤᠰ ᠤᠨ ᠲᠦᠷᠦ ᠶᠢᠨ ᠠᠯᠳᠠᠨ ᠰᠦᠯᠳᠡᠨ ᠳᠤ ᠳᠡᠯ ᠰᠡᠭᠦᠯ ᠢᠶᠠᠨ ᠬᠡᠶᠢᠰᠭᠡᠨ᠂ ᠬᠤᠷᠳᠤᠯᠠᠨ

ᠶᠠᠪᠣᠭ᠎ᠠ ᠮᠣᠷᠢ ᠪᠠᠨ ᠪᠠᠭᠲᠠᠭᠠᠵᠤ᠂ ᠮᠦᠨ ᠲᠦᠷᠦ ᠶᠢᠨ ᠶᠡᠭᠡ ᠬᠦᠨᠳᠦᠳᠭᠡᠯ ᠬᠠᠨ ᠬᠤᠭᠤᠷ ᠬᠦᠭᠵᠢᠮ ᠢᠶᠠᠨ ︽ᠮᠤᠷᠢᠨ ᠬᠤᠭᠤᠷ︾ ᠭᠡᠮᠡᠨ ᠨᠡᠷᠡᠯᠡᠭᠰᠡᠨ ᠪᠢᠯᠡ᠃

     ᠮᠣᠩᠭᠤᠯᠴᠣᠳ ᠠᠳᠤᠭᠤ ᠶᠢ ᠰᠠᠯᠬᠢᠨ ᠠᠴᠠ ᠡᠭᠦᠰᠦᠯ ᠲᠠᠢ ᠭᠡᠳᠡᠭ᠃ ᠲᠡᠶᠢᠮᠦ ᠠᠴᠠ ᠬᠡᠶᠢᠮᠣᠷᠢ ᠭᠡᠵᠦ ᠪᠢᠴᠢᠳᠡᠭ ᠤᠨ ᠬᠤᠪᠢ ᠳᠤ ᠪᠤᠯ ᠬᠡᠢ ᠰᠠᠯᠬᠢᠨ ᠠᠴᠠ

ᠡᠭᠦᠳᠦᠯᠲᠡᠢ ᠶᠤᠮ᠃ ᠲᠡᠶᠢᠮᠦ ᠣᠴᠢᠷ ᠠᠴᠠ ᠠᠳᠤᠭᠤ ᠶᠢ ᠪᠤᠯ ᠬᠡᠶᠢᠮᠤᠷᠢᠯᠢᠭ᠌ ᠠᠮᠢᠲᠠᠨ ᠭᠡᠵᠦ ᠦᠵᠡᠳᠡᠭ᠃  ᠬᠡᠶᠢᠮᠤᠷᠢᠯᠢᠭ᠌ ᠣᠴᠢᠷ ᠠᠴᠠ ᠠᠳᠤᠭᠤᠨ ᠤ ᠮᠢᠬ᠎ᠠ ᠶᠢ ᠲᠡᠭᠡᠷ᠎ᠡ

ᠦᠶ᠎ᠡ ᠳᠤ ᠢᠳᠡᠳᠡᠭ ᠦᠭᠡᠢ ᠪᠠᠶᠢᠭᠰᠠᠨ᠃ 13 — 14 ᠳ᠋ᠦ᠋ᠭᠡᠷ ᠵᠠᠭᠤᠨ ᠤ ᠦᠶ᠎ᠡ ᠳᠤ ᠮᠣᠩᠭᠤᠯ ᠤᠨ ᠲᠠᠯ᠎ᠠ ᠨᠣᠲᠤᠭ ᠲᠤ 16 ᠰᠠᠶ᠎ᠠ ᠠᠳᠣᠭᠤ ᠪᠡᠯᠴᠢᠵᠦ ᠪᠠᠶᠢᠭᠰᠠᠨ

ᠭᠡᠰᠡᠨ ᠰᠤᠳᠤᠯᠤᠭᠠᠴᠢᠳ ᠤᠨ ᠮᠡᠳᠡᠭᠡᠯᠡᠯ ᠪᠠᠶᠢᠳᠠᠭ᠃ ᠦᠨᠡᠬᠡᠷ ᠶᠡᠭᠡ ᠠᠳᠣᠭᠤ ᠪᠠᠶᠢᠵᠤ᠂ ᠲᠡᠷᠡ ᠠᠳᠤᠭᠤ ᠪᠠᠨ ᠦᠨᠡᠬᠡᠷ ᠶᠡᠭᠡ ᠬᠠᠶᠢᠷᠠᠯᠠᠵᠦ᠂ ᠡᠷᠬᠢᠮᠯᠡᠳᠡᠭ ᠪᠠᠶᠢᠵᠠᠢ᠃

ᠪᠦᠬᠦ ᠶᠠᠭᠤᠮ᠎ᠠ ᠶᠢ᠂ ᠲᠣᠬᠠᠶᠢᠯᠠᠪᠠᠯ ᠬᠤᠷᠳᠤ ᠶᠢ ᠡᠷᠬᠡᠰᠢᠶᠡᠯ ᠳᠡᠭᠡᠨ ᠣᠷᠤᠭᠤᠯᠬᠤ ᠳᠤ ᠠᠳᠣᠭᠤ ᠯᠠ ᠬᠥᠢᠴᠡᠳᠬᠡᠳᠡᠭ᠃ ᠦᠷᠲᠡᠭᠡ ᠪᠠᠶᠢᠭᠤᠯᠵᠤ᠂ ᠮᠡᠳᠡᠭᠡᠯᠡᠯ ᠳᠠᠮᠵᠢᠭᠤᠯᠬᠤ

ᠭᠡᠳ ᠪᠦᠬᠦᠢ ᠯᠠ ᠵᠦᠢᠯ ᠢ ᠠᠳᠣᠭᠤ ᠭᠦᠢᠴᠡᠳᠭᠡᠵᠣ ᠪᠠᠶᠢᠭᠰᠠᠨ᠃ ᠠᠳᠤᠭᠤᠨ ᠤ ᠠᠰᠢᠭ ᠰᠢᠮ᠎ᠠ᠂ ᠡᠭᠦᠷᠭᠡ ᠭᠡᠳᠡᠭ ᠮᠠᠰᠢ ᠨᠠᠨᠳᠢᠨ᠃ ᠲᠡᠨᠳᠡ ᠠᠴᠠ ᠭᠠᠷᠭᠠᠵᠤ ᠠᠪᠤᠭᠰᠠᠨ

ᠰᠦ ᠰᠠᠭᠠᠯᠢ ᠪᠠᠷ ᠨᠢ ᠮᠠᠰᠢ ᠨᠠᠷᠢᠨ ᠪᠤᠯᠪᠠᠰᠤᠷᠠᠭᠤᠯᠤᠯᠳᠠ ᠬᠢᠭᠡᠳ ᠶᠠᠮᠠᠷ ᠴᠦ ᠦᠨ᠎ᠡ ᠪᠠᠷ ᠣᠷᠤᠯᠠᠭᠤᠯᠤᠰᠢ ᠦᠭᠡᠢ ᠨᠠᠨᠳᠢᠨ ᠤᠮᠳᠠᠭᠠᠨ ᠢ ᠠᠳᠤᠭᠤᠨ ᠠᠴᠠ ᠭᠠᠷᠭᠠᠵᠤ᠂

ᠣᠣᠭᠤᠵᠦ᠂ ᠲᠡᠭᠦᠨ ᠢᠶᠠᠷ ᠢᠶᠠᠨ ᠪᠡᠶ᠎ᠡ ᠰᠡᠳᠭᠢᠯ ᠢᠶᠠᠨ ᠲᠠᠶᠢᠪᠣᠰᠢᠷᠠᠭᠤᠯᠵᠤ᠂ ᠣᠯᠠᠮ ᠬᠦᠴᠦ ᠲᠠᠢ ᠪᠤᠯᠵᠤ᠂ ᠡᠮᠴᠢᠯᠡᠭᠡ ᠬᠢᠳᠡᠭ ᠪᠠᠶᠢᠭᠰᠠᠨ ᠡᠶᠢᠮᠦ ᠨᠠᠷᠢᠨ ᠣᠯᠠᠮᠵᠢᠯᠠᠯ ᠲᠠᠢ᠃

     ᠳᠡᠯᠡᠬᠡᠢ ᠳᠤ ᠠᠳᠤᠭᠤᠨ ᠤ ᠣᠯᠠᠨ ᠡᠭᠦᠯᠳᠡᠷ᠂ ᠣᠭᠰᠢᠯ ᠪᠤᠢ ᠪᠤᠯᠵᠤ ᠬᠦᠭᠵᠢᠨ ᠳᠡᠪᠰᠢᠵᠤ ᠪᠠᠶᠢᠭ᠎ᠠ ᠴᠦ ᠮᠣᠩᠭᠤᠯ ᠠᠳᠣᠭᠤ ᠰᠢᠭ ᠡᠷᠲᠡᠨ ᠤ ᠬᠠᠭᠠᠰ ᠵᠡᠷᠯᠢᠭ

ᠬᠡᠯᠪᠡᠷᠢᠲᠡᠢ᠂ ᠠᠬᠤᠢ ᠶᠢᠨ ᠲᠠᠯ᠎ᠠ ᠪᠦᠷᠢ ᠶᠢᠨ ᠬᠡᠷᠡᠭᠯᠡᠭᠡᠨ ᠳᠤ ᠠᠰᠢᠭᠯᠠᠬᠤ ᠴᠣᠭᠴᠠ ᠡᠭᠦᠯᠳᠡᠷ ᠣᠳᠤ ᠬᠦᠷᠳᠡᠯ᠎ᠡ ᠪᠠᠶᠢᠬᠤ ᠦᠭᠡᠢ ᠶᠤᠮ᠃ ᠮᠣᠩᠭᠤᠯ ᠠᠳᠣᠭᠤ 45

ᠭᠷᠠᠳᠦ᠋ᠰ ᠤᠨ ᠬᠦᠢᠲᠡᠨ ᠠᠴᠠ 45 ᠭᠷᠠᠳᠦ᠋ᠰ ᠤᠨ ᠬᠠᠯᠠᠭᠤᠨ ᠳᠤ ᠲᠡᠰᠪᠦᠷᠢᠳᠡᠢ᠃ ᠡᠪᠣᠯ ᠤᠨ ᠴᠠᠭ ᠲᠤ ᠵᠦᠪᠬᠡᠨ ᠲᠤᠭᠤᠷᠠᠢ ᠪᠠᠷ ᠢᠶᠠᠨ ᠴᠠᠰᠣ ᠮᠠᠯᠲᠠᠨ ᠬᠠᠭᠳᠠᠷᠠᠭᠰᠠᠨ

ᠡᠪᠡᠰᠣ᠂ ᠬᠠᠭᠳᠠ᠂ ᠨᠠᠪᠴᠢ ᠲᠡᠭᠦᠵᠤ ᠢᠳᠡᠳᠡᠭ᠂ ᠨᠡᠮᠡᠯᠲᠡ ᠲᠡᠵᠢᠭᠡᠯ ᠱᠠᠭᠠᠷᠳᠠᠳᠠᠭ ᠦᠭᠡᠢ ᠪᠡᠯᠴᠢᠭᠡᠷᠯᠡᠵᠦ᠂ ᠢᠳᠡᠰᠢᠯᠡᠳᠡᠭ ᠣᠨᠴᠠᠯᠢᠭ ᠲᠠᠢ᠃ ᠵᠢᠷ ᠤᠨ ᠠᠳᠣᠭᠤ

ᠴᠠᠭ ᠲᠤ 50 — 60  ᠺᠢᠯᠤᠮᠧᠲᠷ ᠬᠤᠷᠳᠤᠯᠠᠬᠤ ᠪᠦᠭᠡᠳ ᠧᠦᠶ᠋ᠷᠦᠫᠡ ᠵᠦᠭ ᠤᠨ ᠠᠳᠤᠭᠤ ᠶᠢ ᠪᠣᠳᠣᠪᠠᠯ ᠮᠣᠩᠭᠤᠯ ᠠᠳᠣᠭᠤ ᠬᠤᠯᠠ ᠶᠢᠨ ᠵᠠᠢ ᠶᠢᠨ ᠳᠠᠪᠬᠢᠭᠠᠨ ᠳᠤ

ᠮᠠᠰᠢ ᠲᠡᠰᠪᠦᠷᠢᠳᠡᠢ᠃ ᠨᠢᠭᠡ ᠠᠳᠣᠭᠤ 200 — 400 ᠺᠢᠯᠤᠭ᠍ᠷᠠᠮ ᠠᠴᠢᠶ᠎ᠠ ᠳᠠᠭᠠᠭᠠᠬᠤ ᠴᠢᠳᠠᠪᠤᠷᠢ ᠲᠠᠢ ᠪᠦᠭᠡᠳ 25 ᠬᠦᠷᠳᠡᠯ᠎ᠡ ᠨᠠᠰᠤᠯᠠᠳᠠᠭ᠃

     ᠮᠣᠩᠭᠤᠯᠴᠣᠳ ᠠᠳᠤᠭᠤ ᠶᠢ ᠳᠦᠷᠢ ᠪᠠᠶᠢᠳᠠᠯ ᠢᠶᠠᠷ ᠨᠢ ᠦᠨᠳᠦᠷ ᠬᠡᠭᠡᠷ᠂ ᠴᠤᠮᠪᠣᠨ ᠲᠤᠭᠤᠷᠠᠢ᠂ ᠬᠢᠯᠮᠠᠩ ᠨᠢᠳᠦᠲᠦ᠂ ᠨᠠᠷᠢᠨ ᠬᠡᠭᠡᠷ᠂ ᠬᠦᠬᠡᠷᠦᠬᠦᠨ ᠬᠠᠯᠢᠭᠤᠨ᠂

ᠵᠠᠩ ᠠᠷᠠᠨᠰᠢᠨ ᠢᠶᠠᠷ ᠨᠢ ᠬᠠᠱᠠᠩ ᠬᠠᠷ᠎ᠠ᠂ ᠬᠤᠷᠭᠤᠳᠠᠭ ᠬᠠᠯᠳᠠᠷ᠂ ᠣᠷᠤᠭ᠎ᠠ ᠪᠣᠷᠣ᠂ ᠦᠷᠬᠦᠳᠡᠭ ᠬᠦᠷᠡᠩ᠂ ᠪᠣᠰᠬᠠᠳᠠᠭ ᠪᠣᠷᠣ᠂ ᠭᠠᠵᠠᠷ ᠨᠣᠲᠤᠭ᠂ ᠠᠭᠤᠯᠠ ᠣᠰᠤ᠂

ᠮᠣᠳᠣ ᠣᠷᠭᠤᠮᠠᠯ ᠤᠨ ᠨᠡᠷ᠎ᠡ ᠪᠠᠷ ᠽᠠᠨᠳᠠᠨ ᠬᠦᠷᠡᠩ᠂ ᠳᠠᠷᠢᠭᠠᠩᠭ᠎ᠠ ᠬᠡᠭᠡᠷ᠂ ᠰᠣᠬᠠᠢ ᠬᠦᠷᠡᠩ᠂ ᠬᠠᠶᠢᠷᠬᠠᠨ ᠤ ᠬᠠᠷ᠎ᠠ ᠭᠡᠬᠦ ᠮᠡᠲᠣ ᠪᠠᠷ ᠨᠡᠷᠡᠯᠡᠳᠡᠭ᠃ ᠬᠠᠷᠢᠨ ᠡᠵᠡᠨ ᠤ ᠬᠢᠨᠢ

ᠨᠡᠷ᠎ᠡ ᠪᠠᠷ ᠪᠠᠳᠤ ᠶᠢᠨ ᠪᠣᠭᠤᠷᠣᠯ᠂ ᠪᠤᠭᠳᠠ ᠶᠢᠨ ᠬᠠᠷ᠎ᠠ᠂ ᠡᠷᠳᠡᠨᠢᠴᠢᠯᠠᠭᠤᠨ ᠤ ᠰᠢᠷᠭ᠎ᠠ᠂ ᠣᠨᠣᠨ ᠤ ᠬᠦᠷᠡᠩ᠂ ᠪᠠᠶᠢᠭᠠᠯᠢ ᠶᠢᠨ ᠦᠵᠡᠭᠳᠡᠯ᠂ ᠠᠷᠢᠶᠠᠲᠠᠨ ᠠᠮᠢᠳᠠᠨ ᠢᠶᠠᠷ

ᠲᠤᠭᠤᠰ ᠬᠡᠭᠡᠷ᠂ ᠰᠠᠯᠬᠢᠨ ᠵᠡᠭᠡᠷᠳᠡ᠂ ᠡᠭᠦᠯᠡᠨ ᠬᠦᠭᠡ᠂ ᠰᠢᠭᠤᠷᠭᠠᠨ ᠬᠠᠷ᠎ᠠ ᠭᠡᠬᠦᠴᠢᠯᠡᠨ ᠨᠡᠷᠡᠯᠡᠨ᠎ᠡ᠃

    ᠮᠣᠩᠭᠤᠯ ᠤᠨ ᠠᠭᠤᠯᠠ ᠬᠠᠩᠭᠠᠢ ᠶᠢᠨ ᠪᠦᠰᠡ ᠳᠤ ᠬᠠᠷ᠎ᠠ᠂ ᠪᠠᠷᠠᠭᠠᠨ ᠵᠢᠰᠦᠮ ᠤᠨ ᠠᠳᠣᠭᠤ ᠵᠤᠩᠭᠢᠯᠡᠵᠤ ᠪᠠᠶᠢᠬᠤ ᠳᠤ ᠭᠤᠪᠢ ᠬᠡᠭᠡᠷ ᠲᠠᠯ᠎ᠠ ᠣᠷᠤᠭᠤ ᠪᠠᠨ ᠬᠤᠯᠠ᠂

ᠰᠢᠷᠭ᠎ᠠ᠂ ᠬᠤᠩᠭᠤᠷ ᠵᠢᠰᠦᠮ ᠤᠨ ᠠᠳᠣᠭᠤ ᠳᠠᠪᠠᠮᠠᠭᠠᠢ ᠪᠠᠶᠢᠳᠠᠭ᠃ ᠡᠨᠡ ᠨᠢ ᠮᠣᠩᠭᠤᠯ ᠠᠳᠤᠭᠤᠨ ᠤ ᠪᠠᠶᠢᠭᠠᠯᠢ ᠴᠠᠭ ᠠᠭᠤᠷ ᠤᠨ ᠨᠦᠬᠦᠴᠡᠯ ᠲᠠᠢ ᠪᠠᠨ ᠵᠣᠬᠢᠴᠠᠭᠰᠠᠨ ᠤ

ᠰᠢᠨᠵᠢ ᠶᠤᠮ᠃ ᠣᠴᠢᠷ ᠨᠢ ᠮᠣᠩᠭᠤᠯ ᠤᠨ ᠬᠠᠩᠭᠠᠢ ᠶᠢᠨ ᠠᠭᠤᠯᠠᠰ ᠤᠨ ᠪᠦᠰᠡ ᠳᠤ ᠡᠪᠦᠯ ᠬᠦᠢᠲᠡᠨ᠂ ᠴᠠᠰᠣ ᠶᠡᠭᠡ ᠣᠷᠤᠳᠠᠭ᠂ ᠰᠡᠷᠢᠭᠦᠨ ᠪᠠᠶᠢᠬᠤ ᠳᠤ ᠲᠠᠯ᠎ᠠ ᠬᠡᠭᠡᠷ᠎ᠡ᠂

ᠭᠤᠪᠢ ᠶᠢᠨ ᠪᠦᠰᠡ ᠳᠤ ᠵᠤᠨ ᠨᠠᠮᠤᠷ ᠲᠣᠯᠠᠭᠠᠬᠠᠨ᠂ ᠡᠪᠡᠰᠣ ᠣᠷᠭᠤᠮᠠᠯ ᠨᠢ ᠲᠠᠴᠢᠷᠬᠠᠨ᠂ ᠪᠡᠯᠴᠢᠭᠡᠷᠯᠡᠬᠦ ᠳᠠᠯᠠᠪᠠᠢ ᠮᠠᠰᠢ ᠠᠭᠤᠵᠢᠮ ᠪᠠᠶᠢᠳᠠᠭ᠃ ᠰᠤᠨᠢᠷᠬᠠᠭᠤᠯᠬᠤ ᠳᠤ᠂

ᠴᠢᠩᠭᠢᠰ ᠬᠠᠭᠠᠨ ᠪᠠᠭ᠎ᠠ ᠪᠠᠯᠴᠢᠷ ᠠᠬᠤᠢ ᠳᠠᠭᠠᠨ ᠨᠠᠢᠮᠠᠠ ᠰᠢᠷᠭ᠎ᠠ ᠮᠤᠷᠢ ᠲᠠᠢ ᠪᠠᠶᠢᠭᠰᠠᠨ ᠲᠤᠬᠠᠢ ᠮᠣᠩᠭᠤᠯ ᠤᠨ ᠨᠢᠭᠤᠴᠠ ᠳᠤᠪᠴᠢᠶᠠᠨ ᠳᠤ ᠲᠣᠳᠣ ᠳᠣᠷᠠᠳᠣᠭᠳᠠᠭᠰᠠᠨ ᠪᠤᠢ

᠃ ᠡᠨᠡ ᠨᠢ ᠲᠡᠮᠦᠵᠢᠨ ᠣᠳᠤ ᠶᠢᠨ ᠳᠤᠷᠤᠨᠠᠲᠤ ᠮᠣᠩᠭᠤᠯ ᠤᠨ ᠶᠡᠭᠡ ᠲᠠᠯ᠎ᠠ ᠳᠤ ᠠᠮᠢᠳᠤᠷᠠᠵᠤ ᠪᠠᠶᠢᠭᠰᠠᠨ ᠢ ᠭᠡᠷᠡᠴᠢᠯᠡᠨ᠎ᠡ᠃ ᠡᠭᠦᠨ ᠠᠴᠠ ᠬᠤᠶᠢᠰᠢ ᠨᠠᠢᠮᠠᠠ ᠵᠠᠭᠤᠨ ᠤ

ᠳᠠᠷᠠᠭ᠎ᠠ ᠴᠦ ᠮᠣᠩᠭᠤᠯ ᠤᠨ ᠵᠡᠭᠦᠨ ᠬᠢᠵᠠᠭᠠᠷ ᠲᠤ ᠣᠷᠣᠰᠢᠬᠤ ᠬᠡᠨᠲᠠᠢ᠂ ᠳᠤᠷᠤᠨᠠᠲᠤ ᠠᠶᠢᠮᠠᠭ ᠤᠨ ᠮᠤᠷᠢᠳ ᠬᠤᠷᠳᠤ ᠲᠠᠢ᠂ ᠭᠤᠣᠯᠳᠠᠭᠤ ᠬᠤᠯᠠ ᠬᠤᠩᠭᠤᠷ᠂ ᠰᠢᠷᠭ᠎ᠠ

ᠵᠢᠰᠦᠮ ᠤᠨ ᠠᠳᠣᠭᠤ ᠪᠠᠶᠢᠭᠰᠠᠭᠠᠷ ᠪᠠᠶᠢᠨ᠎ᠠ᠃

    ᠮᠣᠩᠭᠤᠯ ᠠᠳᠣᠭᠤ ᠡᠬᠡ ᠠᠴᠠ ᠣᠨᠠᠭᠰᠠᠨ ᠭᠠᠵᠠᠷ᠂ ᠠᠩᠬ᠎ᠠ ᠠᠮᠰᠠᠭᠰᠠᠨ ᠭᠤᠣᠯ ᠣᠰᠣ ᠪᠠᠨ ᠶᠠᠮᠠᠷ ᠴᠦ ᠦᠶ᠎ᠡ ᠳᠤ ᠣᠯᠵᠤ ᠢᠷᠡᠳᠡᠭ ᠪᠠᠰᠠ ᠨᠢᠭᠡᠨ ᠭᠠᠶᠢᠬᠠᠮᠰᠢᠭᠳᠦ

ᠣᠨᠴᠠᠯᠢᠭ ᠲᠠᠢ᠃ ᠡᠨᠡ ᠲᠤᠬᠠᠢ ᠣᠯᠠᠨ ᠰᠣᠨᠢᠷᠬᠠᠯᠲᠠᠢ ᠪᠠᠷᠢᠮᠲᠠ ᠪᠤᠢ᠃ ᠲᠣᠬᠠᠶᠢᠯᠠᠪᠠᠯ᠂ ᠮᠣᠩᠭᠤᠯ ᠤᠨ ᠲᠡᠣᠬᠡᠨ ᠳᠤ ᠭᠠᠳᠠᠭᠠᠳᠤ ᠣᠷᠤᠨ ᠳᠤ ᠸᠠᠭᠤᠨ ᠢᠶᠠᠷ ᠠᠴᠢᠭᠳᠠᠵᠤ

ᠶᠠᠪᠣᠭᠰᠠᠨ ᠠᠳᠤᠭᠤᠨ ᠠᠴᠠ ᠪᠣᠴᠠᠵᠣ ᠨᠣᠳᠤᠭ ᠲᠠᠭᠠᠨ ᠢᠷᠡᠭᠰᠡᠨ ᠠᠳᠣᠭᠤ ᠴᠦᠬᠡᠨ ᠦᠬᠡᠢ᠃ 1941 ᠣᠨ ᠤ ᠲᠡᠯᠡᠬᠡᠢ ᠶᠢᠨ ᠬᠤᠶᠠᠳᠤᠭᠠᠷ ᠳᠠᠶᠢᠨ ᠳᠤ ᠮᠣᠩᠭᠤᠯ ᠠᠴᠠ

ᠣᠷᠣᠯᠴᠠᠭᠰᠠᠨ ᠣᠨᠣᠯᠭ᠎ᠠ ᠶᠢᠨ ᠠᠳᠣᠭᠤ ᠪᠧᠷᠯᠢᠨ ᠬᠤᠳᠠ ᠠᠴᠠ ᠡᠬᠡ ᠨᠣᠲᠤᠭ ᠣᠷᠤᠭᠤ ᠪᠠᠨ ᠭᠦᠶᠦᠵᠤ᠂ ᠪᠠᠷᠠᠭᠤᠨ ᠧᠦᠶ᠋ᠷᠦᠫᠡ᠂ ᠣᠷᠣᠰ ᠤᠨ ᠲᠠᠯ᠎ᠠ᠂ ᠰᠢᠪᠧᠷᠢᠶ᠎ᠠ ᠶᠢᠨ

ᠶᠡᠭᠡ ᠬᠦᠪᠴᠢ ᠲᠠᠶᠢᠭ᠎ᠠ ᠶᠢ ᠭᠠᠳᠣᠯᠣᠨ ᠢᠷᠡᠭᠰᠡᠨ ᠪᠠᠶᠢᠬᠤ ᠳᠤ  ᠸᠢᠶᠧᠲᠨᠡᠮ ᠤᠨ ᠳᠠᠶᠢᠨ ᠠᠴᠠ ᠮᠣᠩᠭᠤᠯ ᠤᠨ ᠲᠦᠪ ᠠᠶᠢᠮᠠᠭ ᠤᠨ ᠮᠦᠩᠭᠦᠨ ᠮᠤᠷᠢᠳᠤ ᠰᠤᠮᠤ ᠶᠢᠨ ᠨᠢᠭᠡᠨ

ᠠᠳᠣᠭᠤ ᠡᠬᠡ ᠨᠣᠲᠤᠭ ᠣᠷᠤᠭᠤ ᠪᠠᠨ ᠭᠦᠶᠦᠵᠤ 3 ᠵᠢᠯ ᠤᠨ ᠲᠠᠷᠠᠭ᠎ᠠ ᠢᠵᠢᠯᠢ ᠰᠦᠷᠦᠭ ᠲᠠᠢ ᠪᠠᠨ ᠨᠡᠶᠢᠯᠡᠭᠰᠡᠨ ᠭᠡᠳ ᠪᠣᠳᠠᠲᠦ ᠦᠢᠯᠡ ᠶᠠᠪᠣᠳᠠᠯ ᠣᠯᠠᠨ ᠲᠤᠬᠢᠶᠠᠵᠠᠢ᠃

    ᠰᠤᠨᠢᠷᠬᠠᠭᠤᠯᠬᠤ ᠳᠤ᠂ ᠲᠡᠯᠡᠬᠡᠢ ᠶᠢᠨ ᠬᠤᠶᠠᠳᠤᠭᠠᠷ ᠳᠠᠶᠢᠨ ᠤ ᠬᠦᠨᠳᠦ ᠨᠦᠬᠦᠴᠡᠯ ᠳᠤ ᠡᠸᠦᠶ᠋ᠷᠦᠫᠠ ᠶᠢᠨ ᠮᠤᠷᠢᠳ ᠣᠪᠢᠶᠠᠰᠦ᠂ ᠪᠣᠭᠤᠲᠠᠢ ᠵᠡᠷᠭᠡ ᠢᠳᠡᠰᠢ

ᠲᠡᠵᠢᠭᠡᠯ ᠢᠶᠠᠨ ᠲᠠᠪᠬᠤᠷ ᠠᠪᠴᠤ ᠶᠠᠪᠣᠳᠠᠭ ᠪᠠᠶᠢᠬᠤ ᠳᠤ ᠮᠣᠩᠭᠤᠯ ᠮᠤᠷᠢᠳ ᠵᠦᠪᠬᠡᠨ ᠴᠠᠰᠣ ᠮᠠᠯᠲᠠᠵᠤ᠂ ᠡᠪᠡᠰᠣ ᠲᠡᠵᠢᠭᠡᠯ ᠢᠶᠠᠨ ᠣᠯᠵᠤ ᠢᠳᠡᠭᠡᠳ᠂ ᠬᠦᠴᠦ ᠲᠡᠪᠡᠭᠡᠷᠡᠭ

ᠠᠪᠴᠤ ᠪᠠᠶᠢᠭᠰᠠᠨ ᠢ ᠴᠡᠷᠢᠭ ᠤᠳ ᠬᠤᠵᠢᠮ ᠨᠢ ᠲᠣᠷᠠᠳᠬᠠᠯ ᠪᠤᠯᠭᠠᠨ ᠳᠤ ᠮᠠᠭᠲᠠᠨ ᠪᠢᠴᠢᠭᠰᠡᠨ ᠪᠠᠶᠢᠳᠠᠭ᠃ ᠨᠦᠭᠦᠭᠡ ᠲᠠᠯ᠎ᠠ ᠪᠠᠷ ᠬᠠᠷᠢ ᠣᠯᠤᠰ ᠲᠤ ᠣᠴᠢᠭᠰᠠᠨ ᠮᠣᠩᠭᠤᠯ

ᠠᠳᠣᠭᠤᠨ ᠢᠵᠢᠯᠢ ᠰᠦᠷᠦᠭ ᠣᠭ ᠭᠠᠵᠠᠷ ᠨᠣᠳᠤᠭ ᠲᠠᠭᠠᠨ ᠢᠳᠡᠭᠡᠰᠢᠭᠰᠡᠨ ᠬᠡᠳᠦᠢ ᠴᠦ᠂ ᠦᠭᠡᠷ᠎ᠡ ᠴᠢᠰᠤᠨ ᠤ ᠠᠳᠤᠭᠤ ᠲᠠᠢ ᠡᠪᠰᠡᠳᠡᠭ ᠦᠭᠡᠢ ᠣᠨᠴᠠᠯᠢᠭ ᠲᠠᠢ᠃

ᠡᠭᠦᠨ ᠤ ᠵᠢᠱᠢᠶ᠎ᠡ ᠪᠤᠯᠭᠠᠵᠤ ᠰᠤᠯᠤᠩᠭᠤᠰ ᠤᠨ ᠮᠣᠩᠭᠤᠯ ᠠᠳᠤᠭᠤ ᠶᠢ ᠨᠡᠷᠡᠯᠡᠵᠤ ᠪᠤᠯᠬᠤ ᠶᠤᠮ᠃

    ᠮᠣᠩᠭᠤᠯᠴᠣᠳ ᠠᠳᠤᠭᠤ ᠪᠠᠨ ᠠᠶᠠᠨ ᠵᠠᠮ ᠳᠤ ᠣᠨᠣᠬᠤ᠂ ᠣᠷᠣᠯᠳᠣᠭᠤᠯᠬᠤ᠂ ᠰᠦ᠂ ᠮᠢᠬ᠎ᠠ ᠶᠢ ᠨᠢ ᠬᠦᠨᠡᠰᠦᠨ ᠳᠤ ᠬᠡᠷᠡᠭᠯᠡᠬᠦ᠂ ᠮᠦᠨ ᠠᠷᠠᠰᠦ᠂ ᠶᠠᠰᠣ᠂ ᠦᠰᠦ᠂

ᠨᠣᠣᠰᠤ ᠶᠢ ᠨᠢ ᠠᠬᠤᠢ ᠶᠢᠨ ᠬᠡᠷᠡᠭᠴᠡᠭᠡᠨ ᠳᠤ ᠦᠷᠭᠡᠨ ᠠᠰᠢᠭᠯᠠᠳᠠᠭ᠃ ᠮᠣᠩᠭᠤᠯ ᠭᠡᠬᠦᠤ ᠶᠢᠨ ᠰᠦ ᠪᠤᠶᠤ ᠰᠠᠭᠠᠮ᠎ᠠ ᠡᠷᠡᠭᠦᠯ ᠠᠬᠤᠢ ᠡᠮᠴᠢᠯᠡᠭᠡᠨ ᠤ ᠬᠡᠷᠡᠭᠰᠡᠯ

ᠪᠤᠯᠳᠠᠭ ᠢᠶᠠᠷ ᠢᠶᠠᠨ ᠣᠯᠠᠨ ᠣᠯᠤᠰ ᠤᠨ ᠬᠡᠮᠵᠢᠶᠡᠨ ᠳᠤ ᠨᠢᠭᠡᠨᠲᠡ ᠦᠨᠡᠯᠡᠭᠳᠡᠭᠰᠡᠨ ᠶᠤᠮ᠃ ᠡᠨᠡ ᠮᠡᠳᠦᠴᠢᠯᠡᠨ ᠮᠣᠩᠭᠤᠯ ᠠᠳᠤᠭᠤᠨ ᠳᠤ ᠣᠯᠠᠨ ᠭᠠᠶᠢᠬᠠᠮᠰᠢᠭᠳᠦ ᠰᠢᠨᠵᠢ

ᠴᠤᠭᠴᠠᠯᠠᠵᠠᠢ᠃ ︵︽ᠬᠤᠯᠪᠤᠭ᠎ᠠ ᠰᠥᠯᠵᠢᠶᠡᠨ︾ ᠠᠴᠠ︶

   

 

ᠢᠷᠡᠯᠲᠡ᠄ ᠤᠷᠳᠤᠰ ᠤᠨ ᠡᠳᠤᠷ ᠤᠨ ᠰᠤᠨᠢᠨ