ᠭᠤᠷᠪᠠᠨ ᠵᠦᠢᠯ ᠤᠨ ᠪᠤᠷᠤᠭᠤ ᠬᠢᠳᠡᠯ ᠲᠠᠷᠢᠶᠠᠯᠠᠩ ᠤᠨ ᠮᠠᠰᠢᠨ ᠳᠤ ᠬᠤᠬᠢᠷᠠᠯ ᠲᠠᠢ
ᠨᠡᠶᠢᠲᠡᠯᠡᠭᠰᠡᠨ ᠴᠠᠭ᠄
2023/6/8
       ᠨᠢᠭᠡ᠂ ᠠᠭᠠᠷ ᠱᠦᠭᠦᠷᠦᠭᠦᠯᠦᠭᠴᠢ ᠶᠢ ᠲᠣᠷᠭ᠎ᠠ ᠪᠥᠰ ᠢᠶᠠᠷ ᠪᠦᠲᠡᠭᠡᠬᠦ᠃ ᠵᠠᠷᠢᠮ ᠮᠠᠰᠢᠨᠴᠢ ᠵᠢᠵᠢᠭ ᠴᠢᠷᠭᠡᠦᠯ ᠤᠨ ᠱᠦᠭᠦᠬᠦ ᠦᠢᠯᠡᠳᠦᠯ ᠢ ᠨᠡᠮᠡᠭᠳᠡᠭᠦᠯᠬᠦ ᠶᠢᠨ ᠲᠥᠯᠥᠭᠡ᠂ ᠠᠭᠠᠷ ᠱᠦᠭᠦᠷᠦᠭᠦᠯᠦᠭᠴᠢ ᠳᠡᠭᠡᠷ᠎ᠡ ᠨᠢ ᠨᠢᠭᠡ ᠳᠠᠪᠬᠤᠷ ᠲᠣᠷᠭ᠎ᠠ ᠪᠥᠰ ᠪᠦᠷᠬᠦᠪᠡᠯ᠂ ᠠᠭᠠᠷ ᠢ ᠨᠡᠩ ᠴᠡᠪᠡᠷ ᠪᠣᠯᠭᠠᠵᠤ ᠴᠢᠳᠠᠨ᠎ᠠ ᠭᠡᠵᠦ ᠦᠵᠡᠳᠡᠭ᠃ ᠭᠡᠳᠡᠯ᠎ᠡ ᠲᠣᠷᠭ᠎ᠠ ᠪᠥᠰ ᠨᠢ ᠠᠭᠠᠷ ᠬᠡᠢ ᠶᠢᠨ ᠭᠠᠩ ᠳᠤ ᠤᠷᠤᠭᠰᠢᠲᠠᠢ ᠪᠠᠷ ᠣᠷᠣᠬᠤ ᠶᠢ ᠬᠠᠷᠰᠢᠯᠠᠵᠤ᠂ ᠬᠡᠢ ᠶᠢᠨ ᠭᠠᠩ ᠳᠤ ᠬᠡᠢ ᠬᠦᠷᠦᠯᠴᠡᠬᠦ ᠦᠭᠡᠢ ᠠᠴᠠ ᠰᠢᠲᠠᠯᠲᠠ ᠶᠢ ᠪᠦᠷᠢᠨ ᠪᠤᠰᠤ ᠪᠣᠯᠭᠠᠵᠤ᠂ ᠵᠢᠵᠢᠭ ᠴᠢᠷᠭᠡᠦᠯ ᠬᠠᠷ᠎ᠠ ᠤᠲᠤᠭ᠎ᠠ ᠪᠠᠭᠠᠭᠢᠬᠤ ᠪᠠ ᠴᠢᠳᠠᠯ ᠢ ᠪᠠᠭᠤᠷᠠᠭᠤᠯᠬᠤ ᠳᠤ ᠬᠦᠷᠦᠭᠦᠯᠳᠡᠭ ᠭᠡᠰᠡᠨ ᠢ ᠮᠡᠳᠡᠬᠦ ᠦᠭᠡᠢ ᠪᠠᠶᠢᠨ᠎ᠠ᠃       ᠬᠤᠶᠠᠷ᠂ ᠬᠥᠳᠡᠯᠦᠩᠭᠦᠢ ᠬᠥᠰᠢᠭᠴᠢ ᠪᠠᠷ ᠴᠢᠭᠠᠩ ᠤᠨ ᠲᠠᠭᠯᠠᠭ᠎ᠠ ᠶᠢᠨ ᠱᠤᠷᠠᠭ ᠢ ᠴᠢᠩᠭᠠᠯᠠᠬᠤ᠃ ᠡᠯ᠎ᠡ ᠬᠡᠯᠪᠡᠷᠢ ᠶᠢᠨ ᠬᠥᠳᠡᠯᠭᠡᠭᠦᠷ ᠤᠨ ᠴᠢᠭᠠᠩ ᠤᠨ ᠲᠠᠭᠯᠠᠭ᠎ᠠ ᠶᠢᠨ ᠡᠷᠭᠢ ᠱᠤᠷᠠᠭ ᠤᠨ ᠴᠢᠩᠭᠠᠯᠠᠬᠤ ᠬᠦᠴᠦ ᠶᠢ ᠲᠡᠩᠴᠡᠭᠦᠷᠢᠲᠡᠢ ᠪᠠᠶᠢᠯᠭᠠᠬᠤ ᠬᠡᠷᠡᠭᠲᠡᠢ᠃ ᠲᠤᠰᠬᠠᠢ ᠤᠭᠯᠠᠭᠤᠷᠭ᠎ᠠ ᠪᠠ ᠮᠤᠰᠬᠢᠬᠤ ᠬᠦᠴᠦᠨ ᠤ ᠬᠥᠰᠢᠭᠦᠷ ᠢ ᠬᠡᠷᠡᠭᠯᠡᠵᠦ᠂ ᠳᠤᠮᠳᠠ ᠠᠴᠠ ᠨᠢ ᠢᠷᠮᠡᠭ ᠤᠨ ᠲᠠᠰᠢᠭᠤᠪᠴᠢ ᠱᠤᠭᠤᠮ ᠬᠦᠷᠲᠡᠯ᠎ᠡ ᠤᠳᠠᠭ᠎ᠠ ᠬᠤᠪᠢᠶᠠᠨ ᠵᠢᠭᠳᠡ ᠮᠤᠰᠬᠢᠨ᠎ᠠ᠃ ᠵᠠᠷᠢᠮ ᠮᠠᠰᠢᠨᠴᠢ ᠨᠢ ᠬᠥᠳᠡᠯᠭᠡᠭᠡᠨᠲᠦ ᠬᠥᠰᠢᠭᠦᠷ ᠢᠶᠠᠷ ᠣᠷᠣᠯᠠᠭᠤᠯᠳᠠᠭ᠂ ᠢᠩᠭᠢᠪᠡᠯ ᠬᠦᠴᠦᠨ ᠠᠬᠠᠳᠠᠵᠤ᠂ ᠡᠷᠭᠢ ᠱᠤᠷᠠᠭ ᠢ ᠡᠷᠭᠢᠭᠦᠯᠵᠦ ᠡᠪᠳᠡᠯᠡᠳᠡᠭ︔ ᠡᠭᠦᠨ ᠤ ᠬᠠᠮᠲᠤ ᠱᠤᠷᠠᠭ ᠢ ᠴᠢᠩᠭᠠᠯᠠᠵᠤ ᠮᠤᠰᠬᠢᠬᠤ ᠬᠦᠴᠦ ᠶᠢ ᠵᠢᠭᠳᠡ ᠪᠤᠰᠤ ᠪᠣᠯᠭᠠᠵᠤ᠂ ᠴᠢᠭᠠᠩ ᠤᠨ ᠬᠠᠪᠬᠠᠭᠠᠰᠤ ᠶᠢᠨ ᠬᠠᠪᠲᠠᠭᠠᠢ ᠶᠢᠨ ᠳᠦᠷᠰᠦ ᠬᠤᠪᠢᠷᠠᠯᠲᠠ ᠶᠢ ᠠᠮᠠᠷᠬᠠᠨ ᠪᠤᠢ ᠪᠣᠯᠭᠠᠳᠠᠭ ᠃       ᠭᠤᠷᠪᠠ᠂ ᠬᠥᠪᠥᠩ ᠰᠡᠮᠡᠳᠡᠰᠦ ᠪᠠᠷ ᠮᠠᠰᠢᠨ ᠲᠤᠨᠤᠭ ᠢ ᠵᠦᠯᠭᠦᠬᠦ᠃ ᠴᠠᠶᠢᠶ᠋ᠢᠦᠵᠢ ᠮᠠᠰᠢᠨ ᠢ ᠶᠡᠭᠡ ᠪᠠᠷ ᠵᠠᠰᠠᠬᠤ ᠳᠤ᠂ ᠵᠠᠷᠢᠮ ᠮᠠᠰᠢᠨᠴᠢ ᠬᠥᠪᠥᠩ ᠰᠡᠮᠡᠳᠡᠰᠦ ᠪᠣᠯᠣᠨ ᠴᠠᠶᠢᠶ᠋ᠢᠦᠵᠢ ᠲᠣᠰᠣ ᠪᠠᠷ ᠲᠤᠨᠤᠬ ᠪᠣᠯᠣᠨ ᠮᠤᠷᠤᠢ ᠲᠡᠩᠭᠡᠯᠢᠭ ᠤᠨ ᠲᠡᠰᠤᠬ ᠤᠨ ᠳᠣᠲᠣᠷᠠᠬᠢ ᠶᠢ ᠲᠡᠬᠢᠠ ᠳᠠᠪᠲᠠᠨ ᠠᠷᠴᠢᠳᠠᠭ᠂ ᠢᠩᠭᠢᠭᠡᠳ ᠲᠤᠰᠦᠠ ᠤ ᠭᠬᠢᠷ ᠨᠢ ᠠᠷᠢᠯᠤᠭᠰᠠᠨ ᠪᠣᠯᠪᠠᠴᠤ ᠳᠡᠮᠡᠢ ᠤᠷᠳᠦ ᠬᠤᠭᠤᠴᠠᠭ᠎ᠠ ᠭᠡᠷᠡᠭᠯᠡᠬᠦ ᠦᠭᠡᠢ ᠪᠠᠷ ᠸᠠᠭᠠᠷ ᠢ ᠰᠢᠲᠠᠭᠠᠳᠠᠭ᠃ ᠡᠭᠦᠨ ᠤ ᠰᠢᠯᠳᠠᠭᠠᠨ ᠨᠢ ᠲᠤᠰᠦᠠ ᠤ ᠢᠷᠤᠭᠠᠷ ᠤᠨ ᠬᠠᠯᠢᠰᠤᠨ ᠳᠣᠲᠣᠷᠠᠬᠢ ᠮᠠᠰᠢᠨ ᠤ ᠲᠤᠰᠦᠠ ᠤ ᠬᠤᠷᠠᠮᠠᠯ ᠱᠦᠭᠦᠭᠦᠷ ᠳᠡᠭᠡᠷ᠎ᠡ ᠨᠢᠭᠡ ᠳᠠᠪᠬᠤᠷ ᠬᠥᠪᠥᠩ ᠰᠡᠮᠡᠳᠡᠰᠦ ᠶᠢᠨ ᠰᠢᠷᠬᠡᠭ ᠨᠠᠭᠠᠯᠳᠤᠵᠤ᠂ ᠮᠠᠰᠢᠨ ᠤ ᠳᠤᠰᠤ ᠲᠤᠰᠦᠠ ᠵᠡᠮ ᠳᠤ ᠣᠷᠣᠬᠤ ᠶᠢ ᠬᠠᠷᠰᠢᠯᠠᠭᠰᠠᠨ ᠠᠴᠠ ᠪᠤᠯᠤᠭᠰᠠᠨ ᠶᠤᠮ᠃ ᠡᠶᠢᠮᠦ ᠠᠴᠠ ᠰᠡᠯᠪᠢᠭ ᠲᠣᠨᠤᠭ ᠢ ᠤᠬᠢᠶᠠᠵᠤ ᠴᠡᠪᠡᠷᠯᠡᠬᠦ ᠳᠤ ᠬᠢᠯᠭᠠᠰᠤᠨ ᠱᠤᠸᠠᠰᠠ ᠬᠡᠷᠡᠭᠯᠡᠬᠦ ᠬᠡᠷᠡᠭᠲᠡᠢ᠃     
ᠢᠷᠡᠯᠲᠡ᠄ ᠦᠪᠦᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠡᠮ