​ᠮᠠᠨ ᠤ ᠤᠷᠤᠨ ᠤ ᠠᠩᠬᠠᠳᠠᠬᠴᠢ ᠠᠷᠠᠳ ᠠᠴᠠ ᠡᠵᠡᠩᠨᠡᠭᠰᠡᠨ ᠮᠦᠽᠸᠢ ᠶᠢᠨ ᠰᠦᠷᠦᠭᠵᠢᠯ ᠳ᠋ᠥᠡᠭᠱᠸᠡᠭ ᠲᠤᠭᠤᠷᠢᠭ ᠲᠤ ᠪᠠᠶᠢᠭᠤᠯᠤᠬᠳᠠᠪᠠ
ᠨᠡᠶᠢᠲᠡᠯᠡᠭᠰᠡᠨ ᠴᠠᠭ᠄
2023/6/8
       ᠦᠢᠷᠠᠳᠬᠠᠨ ᠴᠤᠬᠯᠠᠭᠤᠯᠬᠤ᠂ ᠬᠠᠳᠠᠭᠠᠯᠠᠬᠤ᠂ ᠰᠤᠳᠤᠯᠬᠤ᠂ ᠲᠡᠯᠬᠡᠨ ᠦᠵᠡᠬᠦᠯᠬᠦ ᠪᠠ ᠤᠯᠠᠮᠵᠢᠯᠠᠬᠤ ᠶᠢ ᠨᠢᠬᠡ ᠴᠤᠭᠴᠠᠵᠢᠭᠤᠯᠤᠬᠰᠠᠨ ᠮᠠᠨ ᠤ ᠤᠷᠤᠨ ᠤ ᠠᠩᠬᠠᠳᠠᠬᠴᠢ ᠠᠷᠠᠳ ᠠᠴᠠ ᠡᠵᠡᠩᠨᠡᠭᠰᠡᠨ ᠮᠦᠽᠸᠢ ᠶᠢᠨ ᠰᠦᠷᠦᠭᠵᠢᠯ ᠳ᠋ᠥᠡᠭᠱᠸᠡᠭ ᠲᠤᠭᠤᠷᠢᠭ ᠲᠤ ᠪᠠᠶᠢᠭᠤᠯᠤᠬᠳᠠᠪᠠ᠃ ᠡᠨᠡ ᠬᠦ ᠮᠦᠽᠸᠢ ᠶᠢ ᠭᠤᠸᠠᠩᠳᠦ᠋ᠡᠭ ᠰᠢᠶᠠᠩᠭᠠᠡᠭ ᠤᠤᠮᠧᠨ ᠤ ᠲᠤᠮᠤ ᠪᠤᠯᠤᠩ ᠤᠨ ᠤᠷᠤᠨ ᠤ ᠵᠠᠯᠠᠭᠤ ᠠᠵᠤ ᠠᠬᠤᠶᠢᠯᠠᠯᠳᠠᠨ ᠬᠤᠤ ᠶᠢᠩ ᠵᠢᠶᠧ ᠠᠪᠤᠭᠠᠢ ᠪᠡᠯᠡ ᠤᠷᠤᠭᠤᠯᠤᠨ ᠪᠠᠶᠢᠭᠤᠯᠵᠡᠢ᠃      ᠲᠡᠯᠬᠡᠨ ᠦᠵᠡᠬᠦᠯᠬᠡ ᠶᠢᠨ ᠲᠠᠯᠠᠪᠡᠢ ᠨᠢ 12000 ᠲᠡᠭᠰᠢ ᠲᠦᠷᠪᠡᠯᠵᠢᠨ ᠮᠧᠲᠷ ᠲᠤ ᠬᠦᠷᠴᠤ᠂ 3 ᠲᠦᠮᠠ ᠭᠠᠷᠤᠢ ᠲᠡᠯᠬᠡᠨ ᠦᠵᠡᠬᠦᠯᠬᠡ ᠶᠢᠨ ᠪᠤᠳᠠᠰ ᠬᠠᠳᠠᠭᠠᠯᠠᠵᠡᠢ᠃ ᠲᠡᠷᠡ ᠨᠢ ᠮᠠᠨ ᠤ ᠤᠷᠤᠨ ᠤ ᠠᠩᠬᠠᠳᠠᠬᠴᠢ ᠲᠠᠯ᠎ᠠ ᠨᠤᠳᠤᠭ ᠤᠨ ᠬᠦᠡᠭᠬᠡᠨ ᠠᠵᠤ ᠦᠢᠯᠡᠳᠪᠤᠷᠢ ᠶᠢᠨ ᠮᠦᠽᠸᠢ᠂ ᠬᠤᠪᠢᠰᠬᠠᠯᠳᠤ ᠰᠤᠶᠤᠯ ᠤᠨ ᠮᠦᠽᠸᠢ᠂ ᠤᠷᠠᠨ ᠪᠢᠴᠢᠯᠬᠡ ᠤᠷᠠᠨ ᠵᠢᠷᠤᠭ ᠤᠨ ᠤᠷᠠᠯᠢᠭ ᠤᠨ ᠮᠦᠽᠸᠢ᠂ ᠦᠵᠡᠮᠦᠷᠢ ᠶᠢᠨ ᠴᠢᠯᠠᠭᠤ ᠶᠢᠨ ᠮᠦᠽᠸᠢ᠂ ᠬᠡᠷ ᠤᠨ ᠡᠳ᠋ᠯᠡᠯ ᠤᠨ ᠮᠦᠽᠸᠢ᠂ ᠬᠠᠨᠭ᠍ᠭᠠᠨ ᠪᠤᠷᠤᠯᠠᠭᠤᠯᠬᠤ ᠬᠤᠷᠰᠢᠶ᠎ᠠ ᠶᠢᠨ ᠮᠦᠽᠸᠢ᠂  ᠲᠧᠯᠸᠢᠰ ᠤᠨ ᠲᠤᠰᠬᠠᠢ ᠰᠡᠳᠦᠪᠳᠤ ᠮᠦᠽᠸᠢ᠂ ᠰᠢᠨᠵᠢᠯᠡᠬᠦ ᠤᠬᠠᠭᠠᠨ ᠢ ᠲᠦᠬᠡᠮᠡᠯᠵᠢᠬᠦᠯᠬᠦ ᠦᠢᠯᠡᠳᠦᠯᠬᠡ ᠶᠢᠨ ᠮᠦᠽᠸᠢ᠂ ᠷᠠᠳᠢᠣ᠋ ᠪᠠ ᠲᠠᠭᠤᠤ ᠰᠢᠩᠬᠡᠬᠡᠬᠦ ᠮᠠᠰᠢᠨ ᠤ ᠭᠤᠤᠯ ᠰᠡᠳᠦᠪᠳᠤ ᠮᠦᠽᠸᠢ ᠵᠡᠷᠬᠡ 9 ᠮᠦᠽᠸᠢ ᠶᠢ ᠪᠠᠭᠳᠠᠭᠠᠬᠰᠠᠨ ᠶᠡᠷᠦᠩᠬᠡᠶᠢᠯᠡᠭᠰᠡᠨ ᠴᠢᠨᠠᠷᠳᠡᠢ ᠮᠦᠽᠸᠢ ᠪᠤᠯᠤᠨ᠎ᠠ᠃      ᠬᠤᠤ ᠶᠢᠩ ᠵᠢᠶᠧ : ︽ᠪᠢ ᠪᠤᠯ 18 ᠵᠢᠯ ᠤᠨ ᠲᠤᠷᠰᠢ ᠬᠤᠷᠢᠶᠠᠨ ᠬᠠᠳᠠᠭᠠᠯᠠᠬᠤ ᠶᠢ ᠪᠠᠷᠢᠮᠳᠠᠯᠠᠵᠦ ᠢᠷᠡᠭᠰᠡᠨ ᠲᠤᠷ᠎ᠠ ᠪᠠᠭ᠋ᠠᠳᠠᠨ ᠶᠤᠮ᠂ ᠠᠩᠬᠠᠨ ᠳᠠᠭᠠᠨ ᠤᠷᠠᠨ ᠪᠢᠴᠢᠯᠬᠡ᠂ ᠬᠠᠳᠠ ᠴᠢᠯᠠᠭᠤ᠂ ᠬᠤᠪᠢᠰᠬᠠᠯᠳᠤ ᠰᠤᠶᠤᠯ ᠤᠨ ᠵᠦᠢᠯᠡᠰ ᠢ ᠬᠤᠷᠢᠶᠠᠨ ᠴᠤᠬᠯᠠᠭᠤᠯᠵᠤ ᠪᠠᠶᠢᠭᠠᠳ ᠬᠠᠳᠠᠭᠠᠯᠠᠬᠰᠠᠨ ᠵᠦᠢᠯᠡᠰ ᠤᠯᠠᠰᠢᠷᠠᠬᠤ ᠲᠤᠳᠤᠮ ᠲᠦᠷᠦᠯ ᠵᠦᠢᠯ ᠠᠩᠬᠢᠯᠠᠨ ᠬᠤᠪᠢᠶᠠᠵᠦ᠂ ᠤᠳᠤ ᠨᠢᠭᠡᠨᠳᠡ 9 ᠮᠦᠽᠸᠢ 4 ᠦᠵᠡᠬᠦᠯᠬᠡ ᠶᠢᠨ ᠲᠤᠭᠤᠷᠢᠭ ᠢ ᠴᠤᠬᠴᠠᠯᠠᠠ ᠪᠠᠶᠢᠭᠤᠯᠵᠠᠢ᠃ ᠡ᠊ᠨᠳᠠ ᠦᠢᠷ᠎ᠠ ᠤᠳᠤ ᠦᠶ᠎ᠠ ᠶᠢᠨ᠂ ᠪᠠᠷᠤᠭ ᠴᠢᠩ ᠤᠯᠤᠰ ᠤᠨ ᠰᠡᠬᠦᠯᠴᠢ᠂ ᠢᠷᠬᠡᠨ ᠤᠯᠤᠰ ᠠᠴᠠ ᠨᠠᠭᠠᠰᠢᠬᠢ ᠵᠠᠭᠤᠨ ᠵᠢᠯ ᠠᠯᠭᠠᠰᠠᠬᠰᠡᠨ ᠰᠤᠶᠤᠯ ᠢ ᠲᠡᠯᠭᠡᠨ ᠦᠵᠡᠬᠦᠯᠵᠦ ᠪᠠᠶᠢᠨ᠎ᠠ᠃ ᠲᠤᠰ ᠮᠦᠽᠸᠢ ᠶᠢ ᠪᠠᠶᠢᠭᠤᠯᠤᠬᠰᠠᠨ ᠨᠢ ᠦᠡᠭᠬᠡᠷᠡᠭᠰᠡᠨ ᠢ ᠡᠷᠬᠢᠴᠡᠬᠦᠯᠤᠨ ᠬᠤᠶᠢᠰᠢᠳᠠ ᠳᠠᠭᠠᠨ ᠤᠯᠠᠮᠵᠢᠯᠠᠬᠤ ᠶᠢᠨ ᠲᠦᠯᠦᠭᠡ ᠶᠤᠮ︾ ᠬᠡᠵᠦ ᠪᠠᠶᠢᠯ᠎ᠠ᠃      ᠲᠤᠰ ᠮᠦᠽᠸᠢ ᠪᠦᠷᠢᠮᠦᠰᠦᠨ ᠠᠰᠢᠬᠯᠠᠯᠳᠠ ᠳᠤ ᠤᠷᠤᠪᠠᠯ ᠤᠷᠳᠤᠰ ᠴᠢᠨᠠᠬᠰᠢᠯᠠᠨ ᠬᠠᠳᠤᠨ ᠭᠤᠤᠯ ᠠᠴᠠ ᠤᠮᠠᠷᠠᠰᠢᠬᠢ ᠭᠠᠵᠠᠷ ᠤᠷᠤᠨ ᠤ ᠬᠡᠪᠴᠢᠶ᠎ᠠ ᠪᠠᠷ ᠬᠠᠮᠤᠭ ᠤᠨ ᠶᠡᠭᠡ᠂ ᠬᠠᠳᠠᠭᠠᠯᠠᠮᠵᠢ ᠪᠠᠷ ᠬᠠᠮᠤᠭ ᠤᠨ ᠪᠠᠶᠠᠯᠢᠭ᠂ ᠬᠠᠮᠤᠭ ᠤᠨ ᠪᠦᠷᠢᠨ ᠪᠦᠳᠦᠨ ᠠᠷᠠᠳ ᠠᠴᠠ ᠡᠵᠡᠩᠨᠡᠭᠰᠡᠨ ᠮᠦᠽᠸᠢ ᠶᠢᠨ ᠰᠦᠷᠦᠭᠵᠢᠯ ᠪᠤᠯᠤᠨ᠎ᠠ᠃    
ᠢᠷᠡᠯᠲᠡ᠄ ᠤᠷᠳᠤᠰ ᠤᠨ ᠡᠳᠤᠷ ᠤᠨ ᠰᠤᠨᠢᠨ