ᠮᠣᠩᠭᠤᠯ ᠤᠯᠤᠰ ᠤᠨ ︽ᠳᠠᠩᠰᠢᠭ ᠨᠠᠭᠠᠳᠤᠮ — ᠬᠦᠷᠢᠶ᠎ᠡ ᠴᠠᠮ 2023︾ ᠤᠳᠠᠯ ᠦᠭᠡᠢ ᠡᠬᠢᠯᠡᠨ᠎ᠡ
ᠨᠡᠶᠢᠲᠡᠯᠡᠭᠰᠡᠨ ᠴᠠᠭ᠄
2023/7/24
       ᠮᠣᠩᠭᠤᠯ ᠤᠯᠤᠰ ᠤᠨ  ︽ᠳᠠᠩᠰᠢᠭ ᠨᠠᠭᠠᠳᠤᠮ — ᠬᠦᠷᠢᠶ᠎ᠡ ᠴᠠᠮ 2023︾ ᠱᠠᠰᠢᠨ ᠰᠣᠶᠣᠯ ᠤᠨ ᠨᠠᠭᠠᠳᠤᠮ ᠨᠠᠢᠮᠠᠳᠤᠭᠠᠷ ᠰᠠᠷ᠎ᠠ ᠶᠢᠨ 5 ᠠᠴᠠ 6 ᠤ ᠡᠳᠦᠷ ᠪᠣᠯᠲᠠᠯ᠎ᠠ ᠬᠦᠢ ᠳᠣᠯᠣᠭᠠᠨ ᠬᠤᠳᠳᠤᠭ ᠲᠤ ᠪᠣᠯᠣᠨ᠎ᠠ᠃       ᠲᠤᠰ ᠨᠠᠭᠠᠳᠤᠮ ᠢ ᠮᠣᠩᠭᠤᠯ  ᠤᠯᠤᠰ  ᠤᠨ ᠨᠡᠶᠢᠰᠯᠡᠯ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠨᠡᠶᠢᠰᠯᠡᠯ ᠤᠨ ᠠᠶᠠᠯᠠᠯ ᠵᠢᠭᠤᠯᠴᠢᠯᠠᠯ ᠤᠨ ᠭᠠᠵᠠᠷ ᠪᠣᠯᠣᠨ ᠮᠣᠩᠭᠤᠯ ᠤᠨ ᠪᠤᠷᠬᠠᠨ ᠱᠠᠰᠢᠨᠲᠠᠨ ᠤ ᠲᠥᠪ ᠭᠠᠨᠳᠠᠨᠲ᠋ᠡᠭᠴᠡᠩᠯᠢᠩ ᠬᠡᠶᠢᠳ ᠬᠠᠮᠲᠤᠷᠠᠨ ᠵᠣᠬᠢᠶᠠᠨ ᠪᠠᠶᠢᠭᠤᠯᠬᠤ ᠶᠤᠮ᠃       ᠳᠠᠩᠰᠢᠭ ᠪᠣᠯ ᠮᠣᠩᠭᠤᠯ ᠤᠨ ᠰᠣᠶᠣᠯ᠂ ᠱᠠᠰᠢᠨ ᠤ ᠵᠠᠩ ᠦᠢᠯᠡ᠂ ᠥᠪ ᠤᠯᠠᠮᠵᠢᠯᠠᠯ ᠢ ᠬᠠᠳᠠᠭᠠᠯᠠᠭᠰᠠᠨ᠂ ᠥᠪᠡᠷᠮᠢᠴᠡ ᠣᠨᠴᠠᠯᠢᠭ ᠲᠠᠢ ᠨᠠᠭᠠᠳᠤᠮ ᠪᠥᠭᠡᠳ ᠠᠶᠠᠯᠠᠯ ᠵᠢᠭᠤᠯᠴᠢᠯᠠᠯ ᠢ ᠬᠥᠭᠵᠢᠭᠦᠯᠵᠦ᠂ ᠣᠯᠠᠨ ᠤᠯᠤᠰ ᠤᠨ ᠵᠢᠭᠤᠯᠴᠢᠳ ᠢ ᠲᠠᠲᠠᠬᠤ ᠥᠨᠳᠥᠷ ᠠᠴᠢ ᠬᠤᠯᠪᠣᠭᠳᠠᠯ ᠲᠠᠢ ᠶᠤᠮ᠃       ᠵᠢᠯ ᠪᠣᠯᠭᠠᠨ ᠤ ᠨᠠᠢᠮᠠᠳᠤᠭᠠᠷ ᠰᠠᠷ᠎ᠠ ᠶᠢᠨ ᠡᠬᠢᠨ ᠤ ᠳᠣᠯᠣᠭᠠᠨ ᠬᠤᠨᠤᠭ ᠤᠨ ᠠᠮᠠᠷᠠᠯᠲᠠ ᠶᠢᠨ ᠡᠳᠦᠷ ᠤᠳ ᠲᠤ ᠪᠣᠯᠳᠠᠭ ᠲᠤᠰ ᠨᠠᠭᠠᠳᠤᠮ ᠤᠨ ᠦᠶ᠎ᠡ ᠪᠠᠷ ᠯᠠᠮᠠ ᠨᠠᠷ ᠤᠨ ᠳᠤᠮᠳᠠ ᠨᠣᠮ ᠬᠠᠶᠠᠯᠴᠠᠬᠤ᠂ ᠮᠡᠳᠭᠡᠯᠴᠡᠬᠦ᠂ ᠪᠠᠯᠢᠩ ᠲᠣᠰᠣᠨ ᠤᠷᠠᠯᠠᠯ ᠤᠨ ᠲᠡᠮᠡᠴᠡᠭᠡᠨ ᠵᠣᠬᠢᠶᠠᠭᠳᠠᠳᠠᠭ ᠪᠥᠭᠡᠳ ᠳᠠᠩᠰᠢᠭ ᠤᠨ ᠴᠤᠪᠤᠭ᠎ᠠ᠂ ᠰᠦᠨᠴᠡᠭᠡ ᠠᠶᠢᠯᠠᠳᠪᠤᠷᠢ᠂ ᠸᠴᠢᠷᠪᠠᠨᠢ ᠶᠢᠨ ᠲᠠᠬᠢᠯᠭ᠎ᠠ᠂ ᠴᠢᠩᠭᠢᠰ ᠬᠠᠭᠠᠨ ᠤ ᠰᠠᠩ᠂ ᠴᠠᠮ ᠬᠠᠷᠠᠶᠢᠬᠤ᠂ ᠰᠣᠷ ᠵᠠᠯᠠᠬᠤ᠂ ᠰᠣᠶᠣᠮᠪᠦᠲᠦ ᠲᠤᠭ ᠵᠠᠯᠠᠬᠤ᠂ ᠱᠠᠰᠢᠨ ᠤ ᠰᠦᠯᠳᠡ ᠳᠠᠭᠤᠯᠠᠯ ᠡᠭᠡᠰᠢᠭᠯᠡᠭᠦᠯᠬᠦ ᠵᠡᠷᠭᠡ ᠱᠠᠰᠢᠨ ᠰᠣᠶᠣᠯ ᠤᠨ ᠣᠯᠠᠨ ᠠᠷᠭ᠎ᠠ ᠬᠡᠮᠵᠢᠶ᠎ᠡ ᠪᠣᠯᠣᠨ᠎ᠠ᠃       ᠮᠥᠨ ᠬᠦᠴᠦᠲᠦ ᠪᠥᠬᠡ ᠶᠢᠨ ᠪᠠᠷᠢᠯᠳᠤᠭᠠᠨ᠂ ᠬᠤᠷᠳᠤᠨ ᠮᠣᠷᠢ ᠪᠣᠯᠣᠨ ᠵᠢᠷᠤᠭ᠎ᠠ ᠮᠣᠷᠢᠨ ᠤ ᠤᠷᠤᠯᠳᠤᠭᠠᠨ᠂  ᠱᠠᠭ᠎ᠠ ᠬᠠᠷᠪᠤᠭᠠᠨ ᠤ ᠨᠠᠭᠠᠳᠤᠮ᠂ ᠳᠡᠮᠪᠡᠭᠡᠨ ᠤ ᠲᠡᠮᠡᠴᠡᠭᠡᠨ᠂ ᠮᠣᠷᠢᠨ ᠼᠢᠷᠺ᠂ ᠮᠣᠷᠢᠲᠤ ᠬᠠᠷᠪᠤᠭᠠᠨ ᠤ ᠲᠡᠮᠡᠴᠡᠭᠡᠨ ᠪᠣᠯᠬᠤ ᠠᠴᠠ ᠭᠠᠳᠠᠨ᠎ᠠ᠂ ᠵᠢᠵᠢᠭ᠂ ᠳᠤᠮᠳᠠ ᠬᠤᠳᠠᠯᠳᠤᠭ᠎ᠠ ᠮᠠᠶᠢᠮᠠᠢ ᠡᠷᠬᠢᠯᠡᠭᠴᠢᠳ ᠤᠨ ᠪᠦᠲᠦᠭᠡᠭᠳᠡᠬᠦᠨ ᠂ ᠶᠣᠰᠣ ᠵᠠᠩᠰᠢᠯ ᠬᠠᠷᠠᠭᠤᠯᠤᠭᠰᠠᠨ ᠭᠡᠷ  ᠬᠤᠲᠠᠬᠤᠠ᠂ ᠤᠷᠠᠨ ᠵᠢᠷᠤᠭ᠂ ᠭᠡᠷᠡᠯ ᠵᠢᠷᠤᠭ᠂ ᠡᠷᠲᠡᠨ ᠤ ᠮᠣᠩᠭᠤᠯ ᠬᠤᠭᠤᠯᠠ᠂ ᠬᠦᠨᠡᠰᠦᠨ ᠤ ᠦᠵᠡᠰᠬᠦᠯᠡᠩ ᠬᠤᠳᠠᠯᠳᠤᠭ᠎ᠠ ᠶᠢ ᠵᠣᠬᠢᠶᠠᠨ ᠪᠠᠶᠢᠭᠤᠯᠳᠠᠭ ᠶᠤᠮ᠃        ᠳᠠᠩᠰᠢᠭ ᠨᠠᠭᠠᠳᠤᠮ ᠨᠢ ᠠᠩᠬ᠎ᠠ 1639 ᠣᠨ ᠳᠤ ᠥᠨᠳᠥᠷ ᠭᠡᠭᠡᠨ ᠵᠠᠨᠠᠪᠠᠽᠠᠷ ᠢ ᠮᠣᠩᠭᠤᠯ ᠲᠦᠮᠡᠨ ᠤ ᠱᠠᠰᠢᠨ ᠤ ᠲᠡᠷᠢᠭᠦᠨ᠂ ᠠᠩᠬᠠᠳᠤᠭᠠᠷ ᠪᠣᠭᠳᠠ ᠵᠢᠪᠽᠤᠨᠳᠠᠮᠪᠠ ᠬᠤᠲᠤᠭᠲᠤ ᠶᠢᠨ ᠰᠢᠷᠡᠭᠡᠨ ᠳᠤ ᠡᠷᠭᠦᠮᠵᠢᠯᠡᠨ ᠵᠠᠯᠠᠬᠤ ᠦᠶᠡᠰ ᠡᠬᠢᠯᠡᠯ ᠲᠠᠢ ᠪᠥᠭᠡᠳ ᠮᠣᠩᠭᠤᠯ ᠤᠨ ᠱᠠᠰᠢᠨ᠂ ᠰᠣᠶᠣᠯ ᠤᠨ ᠲᠣᠮᠣᠬᠠᠨ ᠠᠷᠭ᠎ᠠ ᠬᠡᠮᠵᠢᠶ᠎ᠡ ᠶᠤᠮ᠃ ᠪᠤᠷᠬᠠᠨ ᠤ ᠱᠠᠰᠢᠨ ᠤ ᠪᠠᠭ᠎ᠠ ᠲᠠᠪᠤᠨ ᠤᠬᠠᠭᠠᠨ ᠤ ᠪᠥᠵᠢᠭ ᠤᠨ ᠤᠬᠠᠭᠠᠨ ᠳᠤ ᠪᠠᠭᠲᠠᠬᠤ ᠴᠠᠮ ᠨᠢ ᠳᠠᠩᠰᠢᠭ ᠨᠠᠭᠠᠳᠤᠮ ᠤᠨ ᠭᠤᠣᠯ ᠣᠨᠴᠠᠯᠢᠭ ᠪᠢᠯᠡ᠃       ᠴᠠᠮ ᠤᠨ ᠦᠶ᠎ᠡ ᠪᠠᠷ᠂ ᠸᠴᠢᠷᠪᠠᠨᠢ ᠪᠤᠷᠬᠠᠨ ᠪᠣᠯᠣᠨ ᠴᠠᠭᠠᠨ ᠡᠪᠦᠭᠡᠨ᠂ ᠮᠥᠨ ᠨᠡᠶᠢᠰᠯᠡᠯ ᠬᠤᠲᠠ ᠶᠢ ᠬᠦᠷᠢᠶᠡᠯᠡᠬᠦ ᠳᠥᠷᠪᠡᠨ ᠲᠠᠭᠱᠢᠨ ᠠᠭᠤᠯᠠ ᠶᠢᠨ ᠡᠵᠡᠳ ᠪᠣᠯᠬᠤ ᠬᠠᠨ ᠭᠠᠷᠤᠳᠢ᠂ ᠭᠠᠭ᠋ᠠᠢ᠂ ᠨᠣᠬᠠᠢ᠂ ᠬᠥᠬᠡ ᠡᠪᠦᠭᠡᠨ ᠪᠣᠯᠣᠨ ᠪᠤᠰᠤᠳ ᠳᠦᠷᠢ ᠳᠤ ᠬᠤᠪᠢᠷᠠᠭᠰᠠᠨ 120 ᠭᠠᠷᠤᠢ ᠴᠠᠮᠴᠢᠨ ᠪᠠᠭ ᠡᠮᠦᠰᠬᠡᠯ᠂ ᠤᠷ᠎ᠠ ᠬᠢᠴᠡ ᠤᠷᠠᠨ ᠨᠠᠷᠢᠨ᠂ ᠭᠤᠶᠣᠮᠰᠤᠭ ᠴᠢᠮᠡᠭ ᠵᠡᠭᠦᠯᠲᠡ᠂ ᠪᠠᠷᠢᠴᠠ ᠬᠡᠷᠡᠭᠰᠡᠯ ᠢᠶᠠᠷ ᠢᠶᠠᠨ ᠭᠤᠶᠣᠨ᠂ ᠭᠠᠷ᠂ ᠬᠥᠯ᠂ ᠪᠡᠶ᠎ᠡ ᠶᠢᠨ ᠬᠥᠳᠡᠯᠭᠡᠭᠡᠨ ᠢᠶᠠᠷ ᠳᠣᠲᠣᠭᠠᠳᠤ ᠰᠡᠳᠬᠢᠯ ᠤᠨ ᠪᠠᠶᠠᠰᠤᠯ ᠢ ᠢᠯᠡᠷᠬᠡᠶᠢᠯᠡᠨ᠂ ᠬᠤᠣᠷᠲᠠᠨ ᠳᠠᠶᠢᠰᠤᠨ᠂ ᠠᠳᠠ ᠴᠢᠳᠬᠦᠷ ᠢ ᠳᠠᠷᠤᠨ ᠰᠥᠨᠥᠭᠡᠵᠦ ᠪᠣᠢ ᠬᠥᠳᠡᠯᠭᠡᠭᠡᠨ ᠨᠦᠭᠦᠳ ᠢ ᠤᠷᠠᠨ ᠢᠷᠠᠭᠤ ᠪᠠᠷ ᠦᠵᠡᠭᠦᠯᠳᠡᠭ ᠪᠠᠶᠢᠨ᠎ᠠ᠃   
ᠢᠷᠡᠯᠲᠡ᠄ ᠲᠥᠪ ᠷᠠᠳᠢᠣ᠋ ᠶᠢᠨ ᠮᠡᠳᠡᠭᠡ