ᠤᠯᠠᠮᠵᠢᠯᠠᠯᠲᠤ ᠨᠠᠭᠠᠳᠤᠮ ᠳᠤ ᠥᠩᠬᠡ ᠨᠡᠮᠡᠷᠢᠯᠡᠭᠰᠡᠨ ᠦᠷᠬᠦᠭᠡ ᠴᠠᠭᠠᠨ ᠮᠣᠩᠭᠤᠯ ᠭᠡᠷ
ᠨᠡᠶᠢᠲᠡᠯᠡᠭᠰᠡᠨ ᠴᠠᠭ᠄
2023/7/24
        ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠠᠷᠪᠠᠳᠤᠭᠠᠷ ᠬᠤᠭᠤᠴᠠᠭᠠᠨ ᠤ ᠴᠦᠬᠡᠨ ᠲᠤᠭᠠᠳᠤ ᠦᠨᠳᠤᠰᠤᠳᠡᠨ ᠤ ᠣᠯᠠᠮᠵᠢᠯᠠᠯᠲᠤ ᠪᠡᠶ᠎ᠡ ᠶᠢᠨ ᠲᠠᠮᠢᠷ ᠤᠨ ᠴᠤᠭᠯᠠᠭᠠᠨ ᠤ ᠦᠵᠡᠬᠦᠯᠦᠯᠭᠡ ᠶᠢᠨ ᠲᠤᠭᠯᠠᠯᠳᠠ ᠶᠢᠨ ᠨᠢᠭᠡ ᠪᠤᠯᠬᠤ ᠮᠣᠩᠭᠤᠯ ᠭᠡᠷ ᠪᠠᠷᠢᠬᠤ ᠣᠷᠤᠯᠳᠤᠭᠠᠨ ᠳᠤ᠂ ᠦᠪᠦᠷ ᠮᠣᠩᠭᠤᠯ ᠣᠷᠤᠨ ᠤ ᠣᠷᠳᠤᠰ᠂ ᠠᠯᠠᠱᠠ᠂ ᠰᠢᠯᠢ ᠶᠢᠨ ᠭᠤᠣᠯ ᠵᠡᠷᠭᠡ ᠠᠶᠢᠮᠠᠭ ᠬᠤᠳᠠ ᠠᠴᠠ ᠬᠦᠷᠦᠯᠴᠡᠨ ᠢᠷᠡᠭᠰᠡᠨ ᠲᠠᠮᠢᠷᠴᠢᠳ᠂ ᠨᠤᠲᠤᠭ ᠨᠤᠲᠤᠭ ᠤᠨ ᠶᠤᠰᠤ ᠵᠠᠩᠰᠢᠯ ᠢᠶᠠᠨ ᠦᠨᠳᠤᠰᠤᠯᠡᠨ ᠣᠷᠤᠯᠳᠤᠭᠠᠨ ᠳᠤ ᠢᠳᠡᠪᠬᠢᠯᠡᠨ ᠣᠷᠤᠯᠴᠠᠵᠦ᠂ ᠮᠣᠩᠭᠤᠯ ᠭᠡᠷ ᠪᠠᠷᠢᠬᠤ ᠠᠯᠬᠤᠮ ᠳᠠᠷᠠᠭᠠᠯᠠᠯ᠂ ᠴᠡᠭᠡᠷ ᠶᠣᠰᠤᠨ᠂ ᠪᠦᠲᠦᠴᠡ ᠪᠦᠷᠢᠯᠳᠦᠯ ᠵᠡᠷᠭᠡ ᠶᠢ ᠦᠵᠡᠭᠴᠢᠳ ᠲᠤ ᠲᠠᠨᠢᠭᠤᠯᠤᠨ᠂ ᠮᠣᠩᠭᠤᠯᠴᠤᠳ ᠤᠨ ᠨᠡᠬᠦᠳᠡᠯ ᠮᠠᠯᠵᠢᠯ ᠤᠨ ᠰᠤᠶᠤᠯ ᠤᠨ ᠷᠢᠳᠢ ᠰᠢᠳᠢ ᠪᠠ ᠴᠡᠴᠠᠨ ᠮᠡᠷᠭᠡᠨ ᠣᠢ ᠪᠢᠯᠢᠭ ᠢ ᠬᠤᠷᠠᠭᠰᠠᠨ ᠣᠯᠠᠨ ᠳᠤ ᠬᠦᠢᠴᠡᠳ ᠬᠠᠷᠠᠭᠤᠯᠵᠦ᠂ ᠡᠭᠦᠪᠡᠷ ᠲᠠᠮᠵᠢᠭᠤᠯᠤᠨ ᠥᠪ ᠶᠡᠭᠡ ᠡᠷᠳᠡᠨᠢ ᠪᠤᠯᠤᠭᠰᠠᠨ ᠤᠯᠠᠮᠵᠢᠯᠠᠯᠲᠤ ᠰᠤᠶᠤᠯ ᠢ ᠵᠠᠯᠭᠠᠮᠵᠢᠯᠠᠨ ᠬᠥᠭᠵᠢᠬᠦᠯᠬᠦ ᠶᠢ ᠵᠣᠷᠢᠭᠰᠠᠨ ᠨᠢ ᠮᠥᠨᠴᠤ ᠲᠤᠰ ᠤᠳᠠᠭᠠᠨ ᠤ ᠤᠯᠠᠮᠵᠢᠯᠠᠯᠲᠤ ᠪᠡᠶ᠎ᠡ ᠶᠢᠨ ᠲᠠᠮᠢᠷ ᠤᠨ ᠴᠤᠭᠯᠠᠭᠠᠨ ᠳᠤ ᠬᠦᠮᠦᠰ ᠤᠨ ᠰᠤᠨᠢᠷᠬᠠᠯ ᠢ ᠲᠠᠳᠠᠬᠰᠠᠨ ᠵᠦᠢᠯ ᠪᠤᠯᠵᠠᠢ᠃    

1.jpg

2.jpg

3.jpg

4.jpg

5.jpg

6.jpg

7.jpg

 

ᠢᠷᠡᠯᠲᠡ᠄ ᠳᠦᠪ ᠷᠠᠳᠢᠤ᠋ ᠤᠨ ᠮᠡᠳᠡᠭᠡ