ᠨᠤᠲᠤᠭ ᠪᠠᠭᠤᠴᠠ ᠵᠠᠰᠠᠬᠤ ᠵᠠᠩ ᠦᠢᠯᠡ
ᠨᠡᠶᠢᠲᠡᠯᠡᠭᠰᠡᠨ ᠴᠠᠭ᠄
2023/7/5
                                 ᠥᠩᠭᠡᠷᠡᠭᠰᠡᠨ ᠳᠤ ᠤᠷᠠᠳᠴᠤᠳ ᠤᠨ ᠨᠤᠲᠤᠭ ᠰᠣᠩᠭᠤᠬᠤ ᠵᠠᠩ ᠳᠠᠳᠬᠠᠯ ᠨᠢ ᠲᠡᠳᠡᠨ ᠤ ᠮᠡᠯᠵᠢᠵᠦ ᠠᠮᠢᠳᠤᠷᠠᠬᠤ ᠤᠨᠴᠠᠯᠢᠭ ᠬᠡᠷᠡᠭᠴᠡᠭᠡ ᠠᠴᠠ ᠪᠣᠯᠵᠤ ᠠᠭᠤᠯᠠ ᠤᠰᠤ ᠲᠠᠢ᠂ ᠡᠪᠡᠰᠦ ᠤᠷᠭᠤᠮᠠᠯ ᠲᠠᠢ ᠭᠠᠵᠠᠷ ᠢ ᠰᠣᠩᠭᠤᠵᠤ ᠰᠠᠭᠤᠷᠢᠨ ᠢᠶᠠᠨ ᠪᠣᠯᠭᠠᠳᠠᠭ ᠤᠨᠴᠠᠯᠢᠭ ᠲᠠᠢ ᠪᠠᠶᠢᠵᠠᠢ᠃      ᠡᠶᠢᠮᠦ ᠠᠴᠠ ᠪᠠᠨ ᠨᠤᠲᠤᠭ ᠰᠣᠩᠭᠤᠬᠤ ᠳᠠᠭᠠᠨ ᠬᠤᠶᠢᠲᠤ ᠲᠠᠯ᠎ᠠ ᠪᠠᠷ ᠢᠶᠠᠨ ᠠᠭᠤᠯᠠ ᠲᠠᠢ ᠪᠤᠶᠤ ᠥᠨᠳᠦᠷᠯᠢᠭ ᠨᠢᠷᠤᠭᠤ ᠲᠠᠢ᠂ ᠡᠮᠦᠨ᠎ᠡ ᠲᠠᠯ᠎ᠠ ᠪᠠᠷ ᠢᠶᠠᠨ ᠠᠭᠤᠳᠠᠮ ᠰᠠᠷᠠᠭᠤᠯ ᠲᠠᠯ᠎ᠠ ᠬᠥᠨᠳᠡᠢ ᠲᠠᠢ᠂ ᠭᠤᠣᠯ ᠭᠤᠷᠤᠬ᠎ᠠ ᠲᠠᠢ ᠪᠤᠶᠤ ᠬᠤᠳᠳᠤᠭ ᠱᠠᠩᠳᠠ ᠲᠠᠢ ᠭᠠᠵᠠᠷ ᠢ ᠡᠷᠬᠢᠮᠯᠡᠨ ᠰᠣᠩᠭᠤᠳᠠᠭ ᠪᠢᠯᠡ᠃      ᠨᠤᠲᠤᠭ ᠤᠰᠤ ᠪᠠᠨ ᠰᠣᠩᠭᠤᠨ ᠲᠣᠭᠲᠠᠭᠠᠭᠠᠳ ᠰᠠᠶ᠋ᠢ ᠭᠡᠷ ᠢᠶᠠᠨ ᠪᠣᠰᠬᠠᠵᠤ ᠪᠠᠭᠤᠴᠠ ᠪᠠᠨ ᠵᠠᠰᠠᠳᠠᠭ᠃ ᠭᠡᠷ ᠤᠨ ᠶᠡᠭᠡ ᠪᠠᠭ᠎ᠠ ᠶᠢᠨ ᠬᠡᠮᠵᠢᠶ᠎ᠡ ᠪᠠᠷ ᠪᠠᠷᠢᠮᠵᠢᠶ᠎ᠠ ᠪᠤᠯᠭᠠᠵᠤ ᠭᠠᠵᠠᠷ ᠠᠴᠠ ᠳᠡᠭᠡᠭᠰᠢ ᠬᠤᠶᠠᠷ ᠭᠤᠷᠪᠠᠨ ᠲᠣᠬᠤᠢ ᠥᠨᠳᠥᠷ ᠴᠢᠯᠠᠭᠤᠨ ᠶᠠᠨᠳᠠᠷ ᠪᠠᠶᠢᠭᠤᠯᠳᠠᠭ᠃ ᠭᠡᠷ ᠤᠨ ᠡᠭᠦᠳᠡ ᠶᠢᠨ ᠬᠡᠰᠡᠭ ᠲᠡᠭᠡᠨ ᠤᠷᠲᠤ ᠳᠥᠷᠪᠡᠯᠵᠢᠨ ᠲᠠᠪᠴᠠᠩ ᠵᠠᠰᠠᠵᠤ᠂ ᠪᠦᠭᠦ ᠪᠠᠭᠤᠴᠠ ᠶᠢᠨ ᠲᠠᠯᠠᠪᠠᠢ ᠪᠠᠨ ᠲᠡᠭᠰᠢᠯᠡᠨ ᠵᠠᠰᠠᠭᠰᠠᠨ ᠤ ᠬᠤᠶᠢᠨ᠎ᠠ ᠰᠠᠶ᠋ᠢ ᠭᠡᠷ ᠢᠶᠠᠨ ᠪᠣᠰᠬᠠᠨ ᠪᠠᠶᠢᠭᠤᠯᠬᠤ ᠪᠣᠯᠣᠨ᠎ᠠ᠃       ᠤᠷᠠᠳᠴᠤᠳ ᠤᠨ ᠭᠡᠷ ᠰᠠᠭᠤᠷᠢᠨ ᠤ ᠪᠠᠶᠢᠷᠢᠰᠢᠯ ᠪᠣᠯ ᠠᠭᠤᠯᠠ ᠲᠦᠰᠢᠵᠦ᠂ ᠤᠰᠤ ᠢᠰᠬᠦᠯᠵᠦ ᠭᠡᠷ ᠢᠶᠠᠨ ᠪᠣᠰᠬᠠᠬᠤ ᠵᠠᠩᠰᠢᠯ ᠲᠠᠢ ᠪᠥᠭᠡᠳ ᠭᠡᠳᠦ ᠬᠡᠳᠦᠨ ᠭᠡᠷ ᠢ ᠴᠦ ᠪᠦᠷ ᠵᠡᠷᠭᠡᠴᠡᠭᠦᠯᠦᠨ ᠪᠠᠷᠢᠳᠠᠭ᠃ ᠮᠠᠯ ᠤᠨ ᠬᠤᠷᠢᠶ᠎ᠠ ᠬᠠᠰᠢᠶ᠎ᠠ ᠶᠢ ᠭᠡᠷ ᠠᠴᠠ ᠪᠠᠨ ᠨᠡᠯᠢᠶᠡᠳ ᠵᠠᠢ ᠲᠠᠢ ᠪᠠᠷᠢᠵᠤ᠂ ᠶᠡᠷᠦ ᠨᠢ ᠭᠡᠷ ᠤᠨ ᠳᠣᠣᠷ᠎ᠠ ᠲᠠᠯ᠎ᠠ  ᠳᠤ ᠪᠠᠶᠢᠷᠢᠰᠢᠭᠤᠯᠳᠠᠭ᠃ ᠪᠠᠰᠠ ᠭᠡᠷ ᠤᠨ ᠵᠡᠭᠦᠨ ᠡᠮᠦᠨ᠎ᠡ ᠪᠠᠨ ᠵᠤᠨ ᠤ ᠴᠠᠭ ᠲᠤ ᠬᠡᠷᠡᠭᠯᠡᠬᠦ ᠰᠢᠭᠤᠢ ᠮᠣᠳᠣᠨ ᠬᠠᠰᠢᠶ᠎ᠠ ᠪᠠᠶᠢᠳᠠᠭ᠃ ᠡᠬᠦᠨ ᠢ ᠵᠠᠪᠠᠯ ᠭᠠᠵᠠᠷ ᠤᠨ ᠦᠨᠳᠦᠷ ᠲᠤ ᠪᠠᠶᠢᠭᠤᠯᠬᠤ ᠬᠡᠷᠡᠭᠲᠡᠢ᠃      ᠭᠡᠷ ᠤᠨ ᠥᠢᠷᠠᠯᠴᠠᠭ᠎ᠠ ᠲᠦᠷᠪᠡᠨ ᠮᠣᠳᠣ ᠪᠣᠯᠠᠵᠤ ᠲᠠᠯᠪᠢᠭᠤᠷ ᠬᠢᠳᠡᠭ᠃ ᠡᠨᠡ ᠨᠢ ᠶᠠᠭᠤᠮ᠎ᠠ ᠬᠤᠷᠢᠶᠠᠬᠤ ᠪᠣᠶᠣ ᠠᠭᠠᠷᠣᠣᠯ ᠬᠤᠷᠣᠳ ᠬᠠᠲᠠᠭᠠᠬᠤ ᠳᠤ ᠬᠡᠷᠡᠭᠯᠡᠳᠡᠭ᠃ ᠲᠣᠭᠤᠯ ᠤᠨ ᠵᠠᠯ᠎ᠠ ᠶᠢ ᠪᠠᠭ᠎ᠠ ᠮᠠᠯ ᠤᠨ ᠬᠤᠷᠢᠶ᠎ᠠ ᠬᠡᠪᠲᠡᠷᠢ ᠠᠴᠠ ᠵᠠᠶᠢᠲᠠᠢ ᠲᠠᠲᠠᠵᠦ᠂ ᠬᠤᠨᠢ ᠢᠮᠠᠭ᠎ᠠ ᠶᠢ ᠲᠠᠭᠠᠷᠢᠬᠤ ᠠᠴᠠ ᠰᠡᠷᠭᠡᠶᠢᠯᠡᠳᠡᠭ᠃ ᠮᠣᠷᠢᠨ ᠤ ᠣᠶᠠᠭ᠎ᠠ ᠱᠣᠩ ᠨᠢ ᠶᠠᠷᠣ ᠳᠡᠭᠡᠨ ᠭᠡᠷ ᠠᠴᠠ 50 — 60 ᠠᠯᠬᠤᠮ ᠤᠨ ᠭᠠᠵᠠᠷ ᠲᠤ ᠪᠠᠶᠢᠳᠠᠭ᠃ ᠭᠡᠷ ᠤᠨ ᠪᠠᠷᠠᠭᠤᠨ ᠡᠮᠦᠨ᠎ᠡ ᠪᠠᠶᠢᠷᠢᠰᠢᠳᠠᠭ᠃ ᠭᠡᠷ ᠤᠨ ᠪᠠᠷᠠᠭᠤᠨ ᠬᠤᠶᠢᠨ᠎ᠠ᠂ ᠭᠡᠷ ᠤᠨ ᠶᠦᠳ᠋ ᠲᠤ ᠨᠠᠷᠢᠨ ᠮᠣᠳᠣ ᠬᠠᠳᠬᠤᠨ ᠪᠣᠰᠬᠠᠵᠤ ᠬᠡᠢ ᠮᠣᠷᠢ ᠶᠢᠨ ᠳᠠᠷᠴᠤᠭ ᠬᠡᠶᠢᠰᠬᠡᠳᠡᠭ ᠵᠠᠩᠰᠢᠯ ᠲᠠᠢ᠃ ᠪᠠᠰᠠ ᠭᠡᠷ ᠤᠨ ᠡᠭᠦᠳᠡᠨ᠎ᠡ ᠠᠷᠪᠠᠭᠠᠳ ᠠᠯᠬᠤᠮ ᠤᠨ ᠦᠵᠦᠭᠦᠷ ᠲᠤ ᠬᠠᠪᠲᠠᠭᠠᠢ ᠴᠢᠯᠠᠭᠤᠨ᠂ ᠲᠠᠪᠴᠠᠩ ᠵᠣᠬᠢᠶᠠᠵᠤ ᠳᠡᠭᠡᠷ᠎ᠡ ᠨᠢ ᠭᠠᠯ ᠤᠨ ᠬᠤᠪᠣᠩ ᠲᠠᠯᠪᠢᠵᠤ ᠡᠳᠦᠷ ᠪᠦᠷᠢ ᠲᠡᠭᠷᠢ ᠪᠣᠷᠬᠠᠨ ᠳᠤ ᠠᠷᠴᠠ ᠰᠠᠩ ᠣᠭᠤᠭᠢᠭᠤᠯᠤᠨ᠎ᠠ᠃ ᠭᠡᠷ ᠤᠨ ᠳᠣᠣᠷ᠎ᠠ ᠲᠠᠯ᠎ᠠ ᠳᠤ ᠥᠨᠳᠦᠷᠯᠢᠭ ᠰᠡᠷᠢᠭᠦᠨ ᠭᠠᠵᠠᠷ ᠲᠤ ᠠᠷᠭᠠᠯ ᠲᠦᠯᠡᠰᠢ ᠶᠢᠨ ᠣᠪᠣᠭ᠎ᠠ ᠪᠠᠶᠢᠭᠤᠯᠵᠤ ᠲᠦᠯᠡᠰᠢ ᠪᠠᠨ ᠬᠠᠳᠠᠭᠠᠯᠠᠨ ᠲᠠᠯᠪᠢᠳᠠᠭ᠃ ᠦᠨᠡᠰᠦ ᠬᠤᠭ ᠢᠶᠠᠨ ᠰᠠᠯᠬᠢᠨ ᠤ ᠳᠣᠣᠷ᠎ᠠ ᠲᠠᠯ᠎ᠠ ᠳᠤ ᠨᠢᠭᠡ ᠯᠡ ᠲᠣᠭᠲᠠᠭᠰᠠᠨ ᠭᠠᠵᠠᠷ ᠲᠤ ᠬᠠᠶᠠᠬᠤ ᠵᠠᠩᠰᠢᠯ ᠲᠠᠢ ᠪᠠᠶᠢᠳᠠᠭ᠃ ᠡᠪᠦᠯ ᠬᠠᠪᠤᠷ ᠤᠨ ᠬᠠᠬᠢᠷ ᠴᠠᠭ ᠲᠤ ᠬᠤᠬᠢᠷᠠᠭᠰᠠᠨ ᠮᠠᠯ ᠤᠨ ᠰᠡᠭ ᠢ ᠭᠡᠷ ᠠᠴᠠ ᠬᠤᠯᠠ ᠭᠠᠵᠠᠷ ᠲᠤ ᠭᠠᠷᠭᠠᠵᠤ ᠰᠢᠲᠠᠭᠠᠬᠤ ᠪᠤᠶᠤ ᠨᠦᠬᠡ ᠮᠠᠯᠲᠠᠵᠤ ᠪᠤᠯᠠᠵᠤ ᠬᠠᠶᠠᠳᠠᠭ᠃        ᠡᠪᠦᠯ ᠬᠠᠪᠤᠷ ᠬᠤᠬᠢᠷᠠᠭᠰᠠᠨ ᠮᠠᠯ ᠢ ᠬᠠᠩᠰᠢ ᠶᠢᠨ ᠡᠳᠦᠷ ᠠᠷᠠᠰᠤ ᠶᠢ ᠨᠢ ᠥᠪᠴᠢᠳᠡᠭ ᠵᠠᠩᠰᠢᠯ ᠲᠠᠢ ᠪᠢᠯᠡ᠃        
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ