ᠮᠣᠩᠭᠤᠯᠴᠣᠳ ᠤᠨ ᠡᠷᠳᠡᠡ ᠤ ᠣᠯᠠᠮᠵᠢᠯᠠᠯᠳᠣ ᠰᠢᠡᠵᠢᠯᠡᠬᠦ ᠣᠬᠠᠭᠠᠠ ᠤ ᠡᠬᠦᠳᠥᠯᠳᠡ
ᠨᠡᠶᠢᠲᠡᠯᠡᠭᠰᠡᠨ ᠴᠠᠭ᠄
2023/8/23
        ᠣᠷᠴᠢᠨ ᠴᠠᠭ ᠤᠨ ᠮᠣᠩᠭᠤᠯ ᠬᠡᠯᠡᠡ ᠳᠤ ᠱᠠᠷᠢᠬ ᠢ ᠬᠢᠳᠠᠳ ᠢᠶᠠᠷ ︽肉 松︾ ᠭᠡᠵᠥ ᠲᠠᠶᠢᠯᠪᠣᠷᠢᠯᠠᠭᠰᠠᠠ ᠨᠢ ᠥᠡᠳᠥᠰᠥᠨ ᠳᠡᠭᠡᠨ ᠠᠳᠠᠯᠢ ᠠᠭᠤᠯᠭ᠎ᠠ ᠲᠠᠢ ᠪᠣᠯᠪᠠᠴᠣ ᠲᠡᠬᠦᠨ ᠤ ᠲᠡᠣᠭᠡᠡ ᠣᠭ ᠰᠣᠷᠪᠣᠯᠵᠢ ᠨᠢ ᠬᠠᠷᠢᠨ ᠡᠷᠡᠰ ᠣᠠᠳᠣᠣ ᠪᠠᠶᠢᠳᠠᠭ᠃ ︽ᠱᠠᠷᠢᠬ︾ ᠢ ᠡᠭᠦᠳᠥᠨ ᠪᠥᠳᠥᠭᠡᠭᠰᠡᠡ ᠨᠢ ᠲᠥᠮᠡ ᠭᠠᠷᠣᠢ ᠵᠢᠯ ᠤᠨ ᠬᠤᠭᠤᠴᠠᠭ᠎ᠠ ᠶᠢ ᠬᠡᠷᠡᠭᠰᠡᠵᠡᠢ᠃ ᠣᠳᠣ ᠠᠴᠠ ᠨᠢᠭᠡ ᠲᠥᠮᠡ ᠭᠠᠷᠣᠢ ᠵᠢᠯ ᠤᠨ ᠡᠮᠥᠨ᠎ᠡ ᠮᠣᠩᠭᠤᠯᠴᠣᠳ ᠤᠨ ᠲᠡᠭᠡᠳᠥᠰ ᠮᠠᠯᠵᠢᠯ ᠪᠠ ᠲᠠᠷᠢᠶᠠᠯᠠᠩ ᠤᠨ ᠴᠠᠭ ᠥᠶ᠎ᠡ ᠳᠤ ᠵᠥᠪᠬᠡᠡ ᠲᠡᠭᠦᠵᠥ ᠴᠣᠭᠯᠠᠭᠤᠯᠬᠤ ᠪᠠ ᠠᠡᠭ ᠠᠩᠨᠠᠯ ᠢᠶᠠᠷ ᠠᠮᠢᠳᠣᠷᠠᠵᠣ ᠪᠠᠶᠢᠵᠠᠢ᠃ ᠲᠣᠬᠠᠢ ᠶᠢᠨ ᠥᠶ᠎ᠡ ᠳᠤ ᠠᠪᠠᠯᠠᠭᠰᠠᠠ ᠠᠷᠢᠶᠠᠳᠠᠠ ᠤ ᠮᠢᠬ᠎ᠠ ᠪᠠᠨ ᠬᠤᠶᠠᠷ ᠵᠥᠢᠯ ᠤᠨ ᠠᠷᠭ᠎ᠠ ᠪᠠᠷ ᠬᠠᠳᠠᠭᠠᠯᠠᠳᠠᠭ᠃ ᠲᠣᠬᠠᠶᠢᠯᠠᠪᠠᠯ᠂ ᠡᠪᠥᠯ ᠤᠨ ᠣᠯᠠᠷᠢᠯ ᠤᠨ ᠥᠶ᠎ᠡ ᠪᠠᠷ ᠠᠩᠨᠠᠭᠰᠠᠠ ᠬᠥᠷᠥᠭᠡᠰᠥᠨ ᠤ ᠮᠢᠬ᠎ᠠ ᠪᠠᠨ ᠬᠥᠮᠥᠰ ᠬᠠᠳᠠᠠ ᠠᠡᠭ ᠳᠤ ᠲᠠᠯᠪᠢᠵᠣ᠂ ᠬᠡᠭᠡᠷ᠎ᠡ ᠶᠢᠨ ᠠᠮᠢᠳᠠᠠ ᠳᠤ ᠢᠳᠡᠭᠳᠡᠬᠦ ᠠᠴᠠ ᠪᠣᠯᠭᠤᠮᠵᠢᠯᠠᠵᠤ᠂ ᠲᠡᠭᠡᠷ᠎ᠡ ᠠᠴᠠ ᠨᠢ ᠴᠢᠯᠠᠭᠤ ᠪᠠᠷ ᠲᠠᠷᠣᠠ ᠪᠢᠳᠡᠭᠦᠮᠵᠢᠯᠡᠭᠡᠳ ᠢᠷᠡᠬᠦ ᠵᠢᠯ ᠤᠨ ᠬᠠᠪᠣᠷ ᠲᠡᠭᠦᠨ ᠢᠶᠠᠨ ᠭᠠᠷᠭᠠᠵᠣ ᠢᠳᠡᠳᠡᠭ ᠪᠠᠶᠢᠪᠠ᠃ ᠡᠨᠡ ᠬᠦ ᠠᠷᠭ᠎ᠠ ᠪᠠᠷ ᠮᠢᠬ᠎ᠠ ᠪᠠᠨ ᠬᠠᠳᠠᠭᠠᠯᠠᠳᠠᠭ ᠢ ᠥᠭᠦᠴᠡ ᠭᠡᠵᠥ ᠬᠡᠯᠡᠳᠡᠭ᠃ ᠡᠨᠡ ᠬᠦ ᠣᠯᠠᠮᠵᠢᠯᠠᠯ ᠢ ᠡᠯ᠎ᠡ ᠭᠠᠵᠠᠷ ᠤᠨ ᠮᠠᠯᠴᠢᠳ ᠣᠯᠠᠮᠵᠢᠯᠠᠭᠰᠠᠭᠠᠷ ᠢᠷᠡᠭᠰᠡᠡ ᠪᠥᠭᠡᠳ ᠣᠷᠳᠣᠰ ᠲᠤ ᠣᠳᠣ ᠪᠣᠯᠳᠠᠯ᠎ᠠ ︽ᠥᠭᠦᠴᠡ︾ ᠭᠡᠮᠡᠡ ᠨᠡᠷᠡᠯᠡᠭᠰᠡᠭᠡᠷ ᠪᠣᠢ᠃ ᠬᠡᠷᠪᠡ ᠡᠪᠥᠯ ᠠᠪᠠᠯᠠᠭᠰᠠᠠ ᠠᠷᠢᠶᠠᠳᠠᠠ ᠤ ᠮᠢᠬ᠎ᠠ ᠠᠷᠪᠢᠨ ᠪᠣᠯ ᠬᠥᠮᠥᠰ ᠲᠡᠭᠦᠨ ᠢᠶᠠᠨ ᠬᠡᠰᠡᠭᠯᠡᠡ ᠪᠣᠷᠴᠠᠯᠠᠭᠠᠳ ᠠᠭᠤᠯᠠ ᠵᠢᠯᠠᠭ᠎ᠠ ᠶᠢᠨ ᠪᠣᠷᠣᠭᠤ ᠬᠠᠵᠠᠭᠤ ᠶᠢᠨ ᠬᠠᠳᠠᠠ ᠳᠤ ᠲᠡᠭᠦᠵᠢᠯᠡᠡ ᠮᠣᠳᠣᠠ ᠤ ᠨᠠᠮᠠᠭ᠎ᠠ ᠪᠠᠷ ᠪᠥᠳᠡᠭᠡᠵᠥ ᠲᠠᠯᠪᠢᠨ᠂ ᠬᠡᠭᠡᠷ᠎ᠡ ᠶᠢᠨ ᠠᠮᠢᠳᠠᠠ ᠠᠴᠠ ᠲᠠᠯᠳᠠᠯᠠᠳᠠᠭ᠃ ᠲᠡᠭᠦᠨ ᠢ ᠨᠠᠷᠠ ᠥᠵᠡᠭᠦᠯᠬᠦ ᠥᠭᠡᠢ ᠰᠡᠭᠦᠳᠡᠷ ᠭᠠᠵᠠᠷ ᠲᠤ ᠰᠠᠯᠬᠢᠨ ᠢᠶᠠᠷ ᠥᠯᠢᠶᠡᠯᠭᠡᠡ ᠬᠠᠳᠠᠭᠠᠭᠠᠳ ᠪᠣᠷᠴᠠ ᠪᠣᠯᠭᠠᠠ ᠢᠷᠡᠬᠦ ᠵᠢᠯ ᠤᠨ ᠬᠠᠪᠣᠷ ᠤᠨ ᠥᠶ᠎ᠡ ᠪᠠᠷ ᠭᠠᠷᠭᠠᠠ ᠠᠪᠴᠣ ᠬᠥᠨᠡᠰᠥᠯᠡᠳᠡᠭ᠃ ᠡᠶᠢᠮᠥ ᠠᠷᠭ᠎ᠠ ᠪᠠᠷ ᠪᠣᠯᠪᠠᠰᠣᠷᠠᠭᠤᠯᠣᠭᠰᠠᠠ ᠪᠣᠷᠴᠠ ᠶᠢ ᠣᠳᠣ ᠴᠤ ᠭᠡᠰᠡᠡ ᠠᠷᠠᠳ ᠤᠨ ᠲᠣᠮᠳᠠ ᠬᠡᠷᠡᠭᠯᠡᠭᠰᠡᠭᠡᠷ ᠪᠠᠶᠢᠨ᠎ᠠ᠃       ᠮᠣᠩᠭᠤᠯᠴᠣᠳ ᠤᠨ ᠲᠡᠭᠡᠳᠥᠰ ᠣᠳᠣ ᠠᠴᠠ 4 — 5 ᠮᠢᠩᠭ᠎ᠠ ᠭᠠᠷᠣᠢ ᠵᠢᠯ ᠤᠨ ᠡᠮᠥᠨ᠎ᠡ ᠠᠶᠢᠮᠠᠭᠴᠢᠯᠠᠯ ᠤᠨ ᠥᠶ᠎ᠡ ᠳᠤ ᠲᠠᠪᠰᠢᠨ ᠣᠷᠣᠵᠣ᠂ ᠲᠠᠶᠢᠨ ᠪᠠᠶᠢᠯᠳᠣᠭᠠᠠ ᠲᠠᠰᠣᠷᠠᠯ ᠥᠭᠡᠢ ᠥᠷᠭᠦᠯᠵᠢᠯᠡᠵᠥ᠂ ᠠᠯᠣᠰ ᠬᠤᠯᠠ ᠬᠥᠷᠬᠦ ᠱᠠᠭᠠᠷᠳᠠᠯᠭ᠎ᠠ ᠲᠠᠢ ᠪᠣᠯᠣᠭᠰᠠᠠ ᠪᠠᠶᠢᠳᠠᠭ᠃ ᠬᠤᠯᠠ ᠵᠠᠮ ᠤᠨ ᠠᠶᠠᠠ ᠳᠤ ᠪᠠᠶᠢᠬᠤ ᠬᠥᠨᠡᠰᠥᠨ ᠤ ᠠᠰᠠᠭᠤᠳᠠᠯ ᠢ ᠰᠢᠢᠳᠪᠥᠷᠢᠯᠡᠬᠦ ᠳᠤ ᠮᠢᠬ᠎ᠠ ᠶᠢ ᠪᠣᠯᠪᠠᠰᠣᠷᠠᠭᠤᠯᠬᠤ ᠨᠢ ᠪᠣᠰᠣᠳ ᠶᠠᠮᠠᠷᠪᠠ ᠢᠳᠡᠭᠡᠡ ᠢ ᠪᠣᠯᠪᠠᠰᠣᠷᠠᠭᠤᠯᠣᠭᠰᠠᠠ ᠠᠴᠠ ᠢᠯᠡᠭᠦᠥ ᠲᠠᠪᠠᠭᠤᠯᠢᠬ ᠲᠠᠢ ᠪᠠᠶᠢᠪᠠ᠃ ᠡᠭᠦᠨ ᠠᠴᠠ ᠪᠣᠯᠵᠤ ᠱᠠᠷᠢᠬ ᠢ ᠡᠭᠦᠳᠴᠡᠢ᠃ ᠱᠠᠷᠢᠬ ᠬᠢᠬᠦ ᠠᠷᠭ᠎ᠠ ᠨᠢ᠄ ᠠᠷᠢᠶᠠᠳᠠᠠ ᠤ ᠮᠢᠬ᠎ᠠ ᠪᠣᠶᠣ ᠥᠬᠡᠷ ᠬᠤᠨᠢᠨ ᠤ ᠮᠢᠬ᠎ᠠ ᠶᠢ ᠪᠣᠷᠴᠠᠯᠠᠭᠠᠳ ᠲᠡᠭᠡᠷᠡᠬᠢ ᠠᠷᠭ᠎ᠠ ᠪᠠᠷ ᠬᠠᠳᠠᠭᠠᠭᠰᠠᠠ ᠤ ᠲᠠᠷᠠᠭ᠎ᠠ ᠲᠠᠬᠢᠨ ᠣᠭᠤᠷ ᠲᠤ ᠨᠥᠳᠥᠵᠥ ᠨᠣᠠᠳᠠᠭᠯᠠᠨ᠎ᠠ᠃ ᠲᠡᠭᠡᠭᠡᠳ ᠬᠤᠨᠢᠨ ᠬᠥᠵᠡᠭᠡ᠂ ᠥᠬᠡᠷ ᠤᠨ ᠲᠠᠪᠣᠰᠠᠩ ᠪᠣᠶᠣ ᠠᠷᠠᠰᠣᠠ ᠲᠣᠯᠣᠮ ᠳᠤ ᠰᠠᠪᠠᠯᠠᠠ ᠠᠶᠠᠠ ᠳᠤ ᠮᠣᠷᠳᠠᠬᠤ ᠥᠶ᠎ᠡ ᠳᠤ ᠡᠮᠡᠭᠡᠯ ᠲᠡᠭᠡᠷ᠎ᠡ ᠪᠠᠨ ᠭᠠᠨᠵᠣᠭᠠᠯᠠᠠ᠂ ᠬᠡᠵᠢᠶ᠎ᠡ ᠬᠠᠮᠢᠭ᠎ᠠ ᠴᠤ ᠲᠥᠭᠦᠮ ᠬᠤᠭᠤᠯᠠ ᠪᠣᠯᠭᠠᠠ ᠢᠳᠡᠳᠡᠭ᠃ ︽ᠱᠠᠷᠢᠬ ᠨᠢ ᠲᠠᠪᠣᠰᠠᠩ ᠳᠠᠭᠠᠨ ᠪᠠᠭᠳᠠᠨ᠎ᠠ︾ ᠭᠡᠵᠥ ᠬᠡᠯᠡᠳᠡᠭ ᠨᠢ ᠶᠠᠭᠠᠬᠢᠬᠤ ᠶᠢᠨ ᠠᠷᠭ᠎ᠠ ᠥᠭᠡᠢ ᠥᠨᠡᠡ ᠢᠶᠠᠷ ᠨᠢ ᠬᠡᠯᠡᠭᠰᠡᠡ ᠶᠣᠮ᠃ ᠱᠠᠷᠢᠬ ᠨᠢ ᠮᠣᠩᠭᠤᠯᠴᠣᠳ ᠤᠨ ᠲᠡᠭᠡᠳᠥᠰ ᠤᠨ ᠲᠣᠭᠤᠭ᠎ᠠ ᠥᠭᠡᠢ ᠥᠶ᠎ᠡ ᠳᠤ ᠡᠭᠦᠳᠥᠭᠰᠡᠡ ᠪᠠ ᠲᠣᠭᠤᠭ᠎ᠠ ᠬᠡᠷᠡᠭᠯᠡᠬᠦ ᠥᠭᠡᠢ ᠠᠮᠢ ᠵᠠᠯᠭᠠᠭᠤᠯᠳᠠᠭ ᠭᠠᠶᠢᠬᠠᠯᠳᠠᠢ ᠢᠳᠡᠭᠡᠡ ᠤ ᠪᠥᠳᠥᠭᠡᠭᠳᠡᠭᠦᠨ ᠪᠣᠯᠬᠤ ᠶᠣᠮ᠃ ᠲᠡᠭᠦᠨ ᠳᠤ ᠶᠠᠮᠠᠷ ᠴᠣ᠋ ᠪᠣᠬᠢᠷᠳᠣᠯ ᠭᠡᠵᠥ ᠥᠭᠡᠢ᠂ ᠥᠬᠡᠷ ᠤᠨ ᠮᠢᠬ᠎ᠠ ᠪᠠᠷ ᠬᠢᠭᠰᠡᠡ ᠢ ᠨᠢ ᠵᠠᠭᠤ ᠬᠤᠨᠤᠭ ᠤᠨ ᠲᠠᠷᠠᠭ᠎ᠠ ᠡᠮ ᠪᠣᠯᠣᠨ᠎ᠠ ᠭᠡᠵᠥ ᠠᠨᠠᠭᠠᠬᠤ ᠣᠬᠠᠭᠠᠠ ᠳᠤ ᠶᠠᠷᠢᠳᠠᠭ᠃ ᠶᠡᠷᠥ ᠨᠢ ᠰᠢᠮ᠎ᠡ ᠲᠡᠵᠢᠭᠡᠯ ᠢᠶᠠᠷ ᠬᠠᠨᠭ᠍ᠭᠠᠮᠵᠢᠳᠠᠢ᠂ ᠥᠯ ᠲᠠᠢ᠂ ᠠᠪᠴᠣ ᠶᠠᠪᠣᠬᠤ ᠳᠤ ᠭᠠᠵᠠᠷ ᠡᠵᠡᠯᠡᠬᠦ ᠥᠭᠡᠢ᠂ ᠬᠥᠡᠭᠭᠡᠡ᠂ ᠲᠥᠭᠦᠬᠡᠢ ᠪᠠᠷ ᠨᠢ ᠪᠣᠶᠣ ᠡᠰᠡᠬᠦᠯ᠎ᠡ ᠣᠰᠣ ᠴᠠᠢ ᠪᠠᠷ ᠪᠣᠷᠣᠯᠠᠭᠤᠯᠣᠠ ᠢᠳᠡᠬᠦ᠂ ᠪᠣᠴᠠᠯᠭᠠᠵᠤ ᠢᠳᠡᠬᠦ ᠳᠤ ᠪᠥᠷ ᠲᠣᠬᠢᠷᠠᠮᠵᠢᠳᠠᠢ᠃ ᠲᠡᠯᠡᠬᠡᠢ ᠲᠡᠭᠡᠷ᠎ᠡ ᠬᠠᠮᠤᠭ ᠤᠨ ᠠᠩᠬᠠᠠ ᠤ ᠠᠭᠰᠢᠭᠤᠯᠣᠭᠰᠠᠠ ᠢᠳᠡᠭᠡᠡ ᠪᠣᠯ ︽ᠱᠠᠷᠢᠬ︾ ᠶᠤᠮ ᠃ ᠣᠯᠳᠠᠭᠰᠠᠠ ᠲᠡᠥᠬᠡᠡ ᠮᠠᠲ᠋ᠧᠷᠢᠶᠠᠯ ᠳᠤ ᠲᠡᠮᠳᠡᠭᠯᠡᠭᠰᠡᠡ ᠢᠶᠠᠷ᠂ ᠴᠢᠩᠭᠢᠰ ᠬᠠᠭᠠᠠ ᠤ ᠴᠡᠷᠢᠭ ᠴᠥ ︽ᠱᠠᠷᠢᠬ︾ ᠢ ᠶᠡᠭᠡ ᠬᠡᠮᠵᠢᠶ᠎ᠡ ᠪᠠᠷ ᠬᠡᠷᠡᠭᠯᠡᠵᠥ ᠪᠠᠶᠢᠵᠠᠢ᠃      ᠣᠳᠣᠬᠠᠠ ᠳᠤ ᠲᠡᠯᠡᠬᠡᠢ ᠶᠢᠨ ᠬᠡᠪᠴᠢᠶᠡᠡ ᠤ ᠡᠯ᠎ᠡ ᠭᠠᠵᠠᠷ ᠣᠷᠣᠠ ᠤ ᠡᠯ᠎ᠡ ᠥᠡᠳᠥᠰᠥᠳᠡᠡ ᠤ ᠴᠠᠭᠠᠠ ᠢᠳᠡᠭᠡᠡ ᠪᠣᠯᠪᠠᠰᠣᠷᠠᠭᠤᠯᠬᠤ ᠮᠡᠷᠭᠡᠵᠢᠯ ᠥᠡᠳᠥᠰᠥᠨ ᠳᠡᠭᠡᠨ ᠲᠡᠮᠡᠢ ᠵᠥᠷᠢᠶ᠎ᠡ ᠥᠭᠡᠢ᠃ ᠮᠣᠩᠭᠤᠯᠴᠣᠳ ᠤᠨ ᠪᠣᠯᠪᠠᠰᠣᠷᠠᠭᠤᠯᠣᠭᠰᠠᠠ ᠴᠠᠭᠠᠠ ᠢᠳᠡᠭᠡᠡ ᠢ ᠠᠯᠢ ᠨᠢᠭᠡᠡ ᠴᠠᠭ ᠥᠶ᠎ᠡ ᠳᠤ ᠬᠡᠷᠬᠢᠨ ᠡᠭᠦᠳᠥᠭᠰᠡᠡ ᠢ ᠬᠡᠷᠡᠴᠢᠯᠡᠬᠦ ᠳᠤ ᠪᠡᠷᠭᠡ ᠶᠣᠮ᠃ ᠥᠭᠡᠷ᠎ᠡ ᠥᠡᠳᠥᠰᠥᠳᠡᠡ ᠳᠤ ᠪᠠᠶᠢᠭ᠎ᠠ ᠥᠭᠡᠢ ᠪᠠᠶᠢᠬᠤ ᠪᠠᠷ ᠪᠣᠳᠣᠬᠤ ᠳᠤ ᠪᠢᠳᠠ ᠬᠠᠮᠤᠭ ᠤᠨ ᠡᠮᠥᠨ᠎ᠡ ᠡᠭᠦᠳᠥᠭᠰᠡᠡ ᠨᠢ ᠥᠨᠡᠡ᠃ ᠮᠣᠩᠭᠤᠯᠴᠣᠳ ᠲᠡᠥᠬᠡ ᠪᠠᠨ ᠵᠥᠪᠬᠡᠡ ︽ᠨᠢᠭᠤᠴᠠ ᠲᠣᠪᠴᠢᠶᠠᠠ︾ ᠠᠴᠠ   ᠡᠬᠢᠯᠡᠬᠦᠯᠦᠨ ᠶᠠᠷᠢᠭᠠᠳ ᠪᠠᠶᠢᠪᠠᠯ ᠲᠡᠥᠬᠡ ᠪᠠᠨ ᠥᠭᠡᠶᠢᠰᠭᠡᠭᠰᠡᠡ ᠭᠡᠷᠡᠭ ᠪᠣᠯᠣᠨ᠎ᠠ᠃ ᠲᠡᠭᠦᠨ ᠠᠴᠠ ᠡᠮᠥᠨ᠎ᠡ ᠮᠠᠠ ᠤ ᠲᠡᠭᠡᠳᠥᠰ ᠮᠠᠰᠢ ᠣᠯᠠᠠ ᠡᠭᠦᠳᠥᠯᠳᠡ ᠶᠢ ᠬᠢᠭᠰᠡᠡ ᠶᠣᠮ᠃ ᠡᠰᠡ ᠲᠡᠶᠢᠮᠥ ᠪᠣᠯ ᠲᠣᠰ ᠭᠤᠷᠪᠠᠠ ᠡᠭᠦᠳᠥᠯᠳᠡ ᠶᠢ ᠶᠠᠷᠢᠬᠤ ᠶᠢᠨ ᠠᠷᠭ᠎ᠠ ᠥᠭᠡᠢ ᠶᠤᠮ᠃ ᠬᠡᠷᠪᠡ ᠮᠣᠩᠭᠤᠯᠴᠣᠳ ᠤᠨ ᠲᠡᠥᠬᠡ ᠶᠢ ᠰᠢᠡᠵᠢᠯᠡᠬᠦ ᠣᠬᠠᠭᠠᠠ ᠤ ᠡᠭᠦᠳᠡᠡ ᠠᠴᠠ ᠲᠠᠶᠢᠯᠪᠣᠷᠢ ᠬᠢᠬᠦ ᠳᠤ ᠬᠥᠷᠪᠡᠯ ᠮᠣᠩᠭᠤᠯ ᠭᠡᠷ᠂ ᠮᠣᠩᠭᠤᠯ ᠲᠡᠷᠭᠡ ᠪᠠ ᠱᠠᠷᠢᠬ ᠪᠣᠯ ᠵᠢᠩᠬᠢᠨᠢ ᠲᠡᠥᠬᠡᠡ ᠰᠢᠯᠭᠠᠯᠳᠠ ᠶᠢ ᠬᠥᠯᠢᠶᠡᠭᠰᠡᠡ ᠬᠡᠷᠡᠭᠴᠡᠭᠡ ᠪᠠᠷ ᠬᠠᠮᠤᠭ ᠤᠨ ᠶᠡᠭᠡ ᠮᠣᠩᠭᠤᠯᠴᠣᠳ ᠤᠨ ᠣᠯᠠᠮᠵᠢᠯᠠᠯᠳᠣ ᠭᠤᠷᠪᠠᠠ ᠶᠡᠭᠡ ᠰᠢᠡᠵᠢᠯᠡᠬᠦ ᠣᠬᠠᠭᠠᠠ ᠤ ᠡᠭᠦᠳᠥᠯᠳᠡ ᠮᠦᠨ᠃ ᠡᠭᠦᠨ ᠢ ᠵᠥᠪᠬᠡᠡ ᠨᠢᠭᠡ ᠵᠥᠢᠯ ᠤᠨ ᠣᠯᠠᠮᠵᠢᠯᠠᠯᠳᠣ ᠰᠣᠶᠣᠯ ᠢᠶᠠᠷ ᠥᠵᠡᠵᠥ ᠡᠰᠡ ᠪᠣᠯᠣᠨ᠎ᠠ᠃ ︵︽ᠣᠷᠳᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢ ᠰᠦᠯᠵᠢᠶ᠎ᠡ︾ ᠠᠴᠠ︶    
ᠢᠷᠡᠯᠲᠡ᠄ ᠤᠷᠳᠤᠰ ᠤᠨ ᠡᠳᠤᠷ ᠤᠨ ᠰᠤᠨᠢᠨ