ᠤᠰᠤᠯᠠᠬᠤ ᠤᠰᠤᠨ ᠤ ᠬᠡᠮᠵᠢᠶ᠎ᠡ ᠶᠢ ᠲᠠᠷᠢᠶᠠᠨ ᠭᠠᠵᠠᠷ ᠤᠨ ᠴᠢᠭᠢᠭ ᠤᠨ ᠪᠠᠶᠢᠳᠠᠯ ᠢ ᠦᠵᠡᠵᠦ ᠪᠠᠶᠢᠭᠠᠳ ᠲᠣᠭᠲᠠᠭᠠᠨ᠎ᠠ᠂ ᠨᠡᠮᠡᠯᠲᠡ ᠪᠣᠷᠳᠣᠭᠤᠷ ᠤᠨ | ᠬᠡᠮᠵᠢᠶ᠎ᠡ ᠶᠢ ᠬᠥᠷᠥᠰᠥᠨ ᠤ ᠰᠢᠮ᠎ᠡ ᠲᠡᠵᠢᠭᠡᠯ᠂ ᠬᠥᠷᠥᠰᠥᠨ ᠤ ᠬᠡᠮᠵᠢᠯᠲᠡ ᠶᠢᠨ ᠨᠠᠶᠢᠷᠠᠯᠭ᠎ᠠ ᠶᠢᠨ ᠦᠷ᠎ᠡ ᠳ᠋ᠦᠩ ᠪᠠ ᠬᠠᠷᠠᠯᠲᠠ ᠶᠢᠨ ᠤᠨᠠᠯᠳᠠ ᠶᠢᠨ ᠬᠡᠮᠵᠢᠶ᠎ᠡ ᠶᠢ | ᠦᠨᠳᠦᠰᠦᠯᠡᠵᠦ ᠲᠣᠭᠲᠠᠭᠠᠨ᠎ᠠ᠃ ᠨᠡᠮᠡᠯᠲᠡ ᠪᠣᠷᠳᠣᠭᠤᠷ ᠬᠢᠬᠦ ᠳᠡᠭᠡᠨ ᠤᠰᠤᠨ ᠳᠤ ᠠᠭᠤᠰᠤᠮᠠᠳᠠᠭᠠᠢ ᠪᠣᠷᠳᠣᠭᠤᠷ ᠢ ᠰᠣᠩᠭᠤᠵᠤ᠂ ᠤᠰᠤ ᠪᠣᠷᠳᠣᠭᠤᠷ ᠢ ᠨᠢᠭᠡ | ᠴᠣᠭᠴᠠᠵᠢᠭᠤᠯᠤᠨ ᠪᠣᠷᠳᠣᠭᠤᠷ ᠣᠷᠣᠭᠤᠯᠬᠤ ᠪᠠᠷ ᠳᠠᠮᠵᠢᠭᠤᠯᠤᠨ᠂ ᠪᠠᠭ᠎ᠠ ᠬᠡᠮᠵᠢᠶ᠎ᠡ ᠪᠠᠷ ᠣᠯᠠᠨ ᠤᠳᠠᠭ᠎ᠠ ᠬᠡᠷᠡᠭᠯᠡᠬᠦ ᠵᠠᠷᠴᠢᠮ ᠢ ᠬᠡᠷᠡᠭᠯᠡᠵᠦ᠂ ᠤᠰᠤ ᠪᠠ ᠬᠢᠮᠢ ᠶᠢᠨ | ᠪᠣᠷᠳᠣᠭᠤᠷ ᠤᠨ ᠠᠯᠳᠠᠭᠳᠠᠯ ᠢ ᠪᠠᠭᠠᠰᠬᠠᠳᠠᠭ᠃ ᠪᠦᠬᠦ ᠦᠷᠡᠵᠢᠯ ᠤᠨ ᠬᠤᠭᠤᠴᠠᠭᠠᠨ ᠳᠤ ᠬᠥᠷᠥᠰᠥᠨ ᠤ ᠴᠢᠭᠢᠭ ᠤᠨ ᠪᠠᠶᠢᠳᠠᠯ ᠢ ᠦᠨᠳᠦᠰᠦᠯᠡᠨ 6~10 ᠤᠳᠠᠭ᠎ᠠ | ᠤᠰᠤᠯᠠᠵᠤ᠂ ᠨᠢᠯᠬ᠎ᠠ ᠴᠢᠬᠢ ᠶᠢᠨ ᠤᠷᠭᠤᠯᠲᠠ ᠶᠢᠨ ᠬᠤᠭᠤᠴᠠᠭᠠᠨ ︵ᠨᠢᠯᠬ᠎ᠠ ᠴᠢᠬᠢ ~ ᠴᠣᠮᠤᠷᠯᠢᠭ︶ ᠳᠤ ᠠᠽᠣᠲ ᠪᠣᠷᠳᠣᠭᠤᠷ ᠢᠶᠠᠷ ᠭᠤᠣᠯᠯᠠᠵᠤ᠂ | ᠲᠥᠮᠥᠰᠦᠯᠢᠭ ᠡᠰᠢ ᠶᠢᠨ ᠤᠷᠭᠤᠯᠲᠠ ᠶᠢᠨ ᠬᠤᠭᠤᠴᠠᠭᠠᠨ ︵ᠴᠣᠮᠤᠷᠯᠢᠭ ~ ᠡᠬᠢᠯᠡᠵᠦ ᠴᠡᠴᠡᠭᠯᠡᠬᠦ ᠬᠤᠭᠤᠴᠠᠭ᠎ᠠ︶ ᠳᠤ ᠠᠽᠣᠲ ᠪᠣᠷᠳᠣᠭᠤᠷ᠂ ᠺᠠᠯᠢ | ᠪᠣᠷᠳᠣᠭᠤᠷ ᠢᠶᠠᠷ ᠭᠤᠣᠯᠯᠠᠵᠤ᠂ ᠳᠤᠮᠳᠠ ᠪᠢᠴᠢᠯ ᠡᠯᠧᠮᠧᠨ᠋ᠲ ᠢ ᠵᠣᠬᠢᠬᠤ ᠬᠡᠮᠵᠢᠶ᠎ᠡ ᠪᠠᠷ ᠨᠥᠬᠦᠪᠦᠷᠢᠯᠡᠵᠦ᠂ ᠲᠥᠮᠥᠰᠦᠯᠢᠭ ᠡᠰᠢ ᠶᠢᠨ ᠤᠷᠭᠤᠯᠲᠠ ᠶᠢᠨ ᠬᠤᠭᠤᠴᠠᠭᠠᠨ | ︵ᠡᠬᠢᠯᠡᠵᠦ ᠴᠡᠴᠡᠭᠯᠡᠬᠦ ~ ᠡᠴᠦᠰ ᠤᠨ ᠴᠡᠴᠡᠭᠯᠡᠬᠦ ᠬᠤᠭᠤᠴᠠᠭ᠎ᠠ︶ ᠳᠤ ᠺᠠᠯᠢ ᠪᠣᠷᠳᠣᠭᠤᠷ ᠢᠶᠠᠷ ᠭᠤᠣᠯᠯᠠᠵᠤ᠂ ᠴᠠᠷᠳᠠᠭᠤᠯ ᠤᠨ ᠬᠤᠷᠠᠮᠳᠤᠯ ᠤᠨ ᠬᠤᠭᠤᠴᠠᠭᠠᠨ ︵ | ᠡᠴᠦᠰ ᠤᠨ ᠴᠡᠴᠡᠭᠯᠡᠬᠦ ~ ᠨᠠᠪᠴᠢ ᠬᠤᠪᠠᠭ᠋ᠠᠶᠢᠷᠠᠬᠤ ᠬᠤᠭᠤᠴᠠᠭ᠎ᠠ︶ ᠳᠤ ᠪᠣᠷᠳᠣᠭᠤᠷ ᠨᠡᠮᠡᠬᠦ ᠪᠠᠨ ᠵᠣᠭᠰᠣᠬᠤ ᠶᠢᠨ ᠬᠠᠮᠲᠤ ᠤᠰᠤᠯᠠᠬᠤ ᠤᠰᠤᠨ ᠤ ᠬᠡᠮᠵᠢᠶ᠎ᠡ ᠶᠢ | ᠠᠭᠠᠵᠢᠮ ᠢᠶᠠᠷ ᠪᠠᠭᠠᠰᠬᠠᠬᠤ ᠬᠡᠷᠡᠭᠲᠡᠢ᠃ ᠤᠰᠤ ᠪᠣᠷᠳᠣᠭᠤᠷ ᠤᠨ ᠬᠠᠩᠭᠠᠯᠭ᠎ᠠ ᠶᠢ ᠵᠢᠭᠳᠡ ᠪᠠᠶᠢᠯᠭᠠᠵᠤ᠂ ᠤᠷᠭᠤᠮᠠᠯ ᠤᠨ ᠲᠠᠯᠠᠭᠠᠷ ᠤᠷᠭᠤᠬᠤ ᠶᠢ ᠰᠡᠷᠭᠡᠶᠢᠯᠡᠵᠦ᠂ | ᠰᠡᠭᠦᠯᠴᠢ ᠶᠢᠨ ᠬᠤᠭᠤᠴᠠᠭᠠᠨ ᠳᠤ ᠬᠠᠵᠠᠶᠢᠵᠤ ᠤᠨᠠᠬᠤ ᠶᠢ ᠰᠡᠷᠭᠡᠶᠢᠯᠡᠬᠦ ᠬᠡᠷᠡᠭᠲᠡᠢ᠃ ᠬᠤᠲᠣᠭᠤᠷ ᠭᠠᠵᠠᠷ ᠲᠤ ᠤᠰᠤ ᠭᠠᠳᠠᠭᠰᠢᠯᠠᠭᠤᠯᠬᠤ ᠶᠢ ᠠᠩᠬᠠᠷᠴᠤ᠂ ᠤᠰᠤ | ᠬᠡᠲᠦᠷᠬᠡᠢ ᠠᠷᠪᠢᠳᠬᠤ ᠪᠤᠶᠤ ᠤᠰᠤ ᠬᠤᠷᠠᠬᠤ ᠠᠴᠠ ᠰᠡᠷᠭᠡᠶᠢᠯᠡᠵᠦ᠂ ᠬᠤᠷᠢᠶᠠᠯᠲᠠ ᠠᠴᠠ ᠡᠮᠦᠨ᠎ᠡ 10 ᠡᠳᠦᠷ ᠲᠤ ᠤᠰᠤᠯᠠᠬᠤ ᠪᠠᠨ ᠵᠣᠭᠰᠤᠭᠠᠬᠤ ᠬᠡᠷᠡᠭᠲᠡᠢ᠃ | | | |