| ᠰᠢᠷ᠎ᠠ ᠲᠤᠰᠤ᠂ ᠥᠷ᠎ᠡ ᠶᠢᠨ ᠲᠤᠰᠤ᠂ ᠥᠬᠡᠬᠦᠨ ᠲᠤᠰᠤ᠂ ᠴᠢᠮᠤᠬᠡᠨ ᠲᠤᠰᠤ ᠵᠡᠷᠬᠡ ᠲᠥᠷᠪᠡᠨ ᠵᠦᠢᠯ ᠤᠨ ᠲᠤᠰᠤ ᠶᠢ ᠲᠤᠰᠤᠨ ᠵᠠᠰᠠᠯ ᠳᠤ ᠬᠡᠷᠡᠭᠯᠡᠳᠡᠭ᠃ | ᠲᠤᠰᠤᠨ ᠵᠠᠰᠠᠯ ᠳᠤ ᠪᠠᠰᠠ ᠪᠤᠴᠠᠯᠤᠭᠰᠠᠨ ᠤᠰᠤ ᠤᠤᠭᠤᠯᠭᠠᠪᠠᠯ ᠰᠢᠩᠭᠡᠬᠦᠯᠬᠦ ᠶᠢᠨ ᠰᠢᠮ᠎ᠠ ᠪᠤᠯᠬᠤ ᠲᠤᠯᠠ ᠤᠷᠢᠳᠴᠢᠯᠡᠨ ᠪᠡᠯᠡᠳᠭᠡᠬᠦ ᠬᠡᠷᠡᠭᠳᠡᠢ᠃ ᠴᠠᠭ ᠤᠨ | ᠲᠠᠯ᠎ᠠ ᠪᠠᠷ ᠡᠪᠤᠯ ᠤᠨ ᠤᠯᠠᠷᠢᠯ ᠳᠤ ᠭᠠᠯ ᠤᠨ ᠢᠯᠴᠢ ᠪᠠᠳᠠᠷᠠᠩᠭᠤᠢ ᠪᠤᠯᠬᠤᠷ ᠰᠢᠷ᠎ᠠ ᠲᠤᠰᠤ ᠥᠭᠪᠡᠯ ᠰᠠᠶᠢᠨ᠂ ᠵᠤᠨ ᠤ ᠤᠯᠠᠷᠢᠯ ᠳᠤ ᠭᠠᠯ ᠤᠨ ᠢᠯᠴᠢ ᠪᠠᠭᠤᠷᠠᠢ | ᠪᠤᠯᠬᠤᠷ ᠥᠷ᠎ᠠ ᠶᠢᠨ ᠲᠤᠰᠤ ᠰᠠᠶᠢᠨ᠂ ᠬᠠᠪᠤᠷ ᠤᠨ ᠤᠯᠠᠷᠢᠯ ᠳᠤ ᠡᠳᠤᠷ ᠤᠷᠳᠤ ᠪᠤᠯᠬᠤᠷ ᠴᠢᠮᠤᠬᠡᠨ ᠲᠤᠰᠤ᠂ ᠥᠬᠡᠬᠦᠨ ᠲᠤᠰᠤ ᠰᠠᠶᠢᠨ ᠪᠠᠶᠢᠳᠠᠭ᠃ ᠡᠬᠦᠨ ᠳᠤ | ᠡᠮᠴᠢ ᠶᠢᠨ ᠵᠠᠬᠢᠶ᠎ᠠ ᠶᠢ ᠥᠨᠳᠤᠰᠤᠯᠡᠵᠤ᠂ ᠲᠤᠰᠤᠨ ᠤ ᠲᠥᠷᠤᠯ ᠵᠦᠢᠯ ᠪᠠ ᠲᠥᠷᠬᠢᠬᠦ᠂ ᠤᠤᠭᠤᠯᠭᠠᠬᠤ᠂ ᠲᠤᠰᠤᠯᠭᠠᠬᠤ᠂ ᠵᠢᠩ ᠲᠠᠯᠪᠢᠬᠤ᠂ ᠵᠥᠬᠡᠯᠡᠨ | ᠰᠢᠮᠡᠵᠢᠬᠦᠯᠬᠡ ᠪᠤᠯᠭᠠᠨ ᠬᠡᠷᠡᠭᠯᠡᠬᠦ ᠵᠡᠷᠬᠡ ᠶᠢᠨ ᠠᠯᠢ ᠨᠢ ᠪᠤᠯᠬᠤ ᠶᠢ ᠰᠤᠩᠭᠤᠨ ᠪᠡᠯᠡᠳᠭᠡᠨ᠎ᠡ᠃ ᠥᠷᠬᠦᠯᠵᠢᠳᠡ ᠰᠢᠮ᠎ᠡ ᠲᠡᠵᠢᠬᠡᠯ ᠲᠠᠢ ᠵᠦᠢᠯ ᠢ ᠢᠳᠡᠭᠰᠡᠤᠨ ᠪᠤᠶᠤ | ᠲᠤᠰᠤᠨ ᠳᠤ ᠲᠠᠳᠤᠭᠰᠠᠤᠨ ᠲᠤ ᠤᠷᠢᠳ ᠢᠶᠠᠷ ᠰᠠᠭᠠᠭ ᠤᠨ ᠭᠤᠯᠢᠷ ᠮᠡᠳᠤ ᠶᠢᠨ ᠬᠥᠡᠭᠭᠡᠨ ᠵᠦᠢᠯ ᠤᠨ ᠢᠳᠡᠭᠡᠨ ᠢ ᠢᠳᠡᠭᠦᠯᠭᠦ ᠪᠤᠶᠤ ᠰᠢᠷᠤᠬᠦᠨ ᠵᠠᠰᠠᠯ ᠬᠢᠭᠰᠡᠨ ᠤ | ᠲᠠᠷᠠᠭ᠎ᠠ ᠰᠠᠶ᠋ᠢ ᠲᠤᠰᠤᠨ ᠵᠠᠰᠠᠯ ᠬᠢᠬᠦ ᠪᠠᠷ ᠪᠡᠯᠡᠳᠭᠡᠬᠦ ᠬᠡᠷᠡᠭᠳᠡᠢ᠃ ᠰᠢᠮ᠎ᠡ ᠲᠡᠵᠢᠬᠡᠯ ᠲᠤᠳᠠᠭᠳᠠᠭᠰᠠᠤᠨ ᠪᠤᠶᠤ ᠲᠤᠳᠤᠷ ᠨᠢ ᠨᠥᠮᠵᠦᠭ ᠥᠬᠡᠢ ᠪᠤᠯᠤᠭᠰᠠᠨ | ᠬᠥᠮᠤᠨ ᠳᠤ ᠲᠤᠰᠤᠨ ᠵᠠᠰᠠᠯ ᠬᠢᠬᠦ ᠳᠡᠭᠡᠨ ᠲᠠᠪᠤᠰᠤ ᠰᠠᠯᠪᠢᠵᠤ ᠥᠭᠭᠦ ᠪᠠᠷ ᠪᠡᠯᠡᠳᠭᠡᠬᠦ ᠬᠡᠷᠡᠭᠳᠡᠢ᠃ | ᠡᠮᠴᠢᠯᠡᠬᠡᠨ ᠤ ᠱᠠᠭᠠᠷᠳᠠᠯᠭ᠎ᠠ ᠪᠠᠷ ᠲᠤᠰᠤ ᠥᠭᠭᠦ ᠴᠠᠭ ᠢ ᠲᠤᠬᠢᠷᠠᠭᠤᠯᠬᠤ ᠳᠠᠭᠠᠨ ᠶᠡᠷᠤ ᠳᠡᠭᠡᠨ ᠠᠷᠢᠯᠭᠠᠬᠤ ᠲᠤᠰᠤᠨ ᠵᠠᠰᠠᠯ ᠬᠢᠬᠦ ᠳᠤ ᠥᠷ ᠴᠠᠶᠢᠬᠤ ᠶᠢᠨ | ᠥᠶ᠎ᠡ ᠳᠤ ᠢᠳᠡᠭᠡᠨ ᠲᠠᠢ ᠬᠤᠯᠢᠬᠤ ᠥᠬᠡᠢ ᠪᠠᠷ ᠤᠤᠭᠤᠯᠭᠠᠬᠤ ᠪᠥᠬᠡᠤᠨ ᠲᠤᠳᠤᠷ ᠨᠢ ᠲᠤᠰᠤᠯᠢᠭ ᠪᠤᠯᠳᠠᠯ᠎ᠠ ᠥᠭᠭᠦ ᠬᠡᠷᠡᠭᠳᠡᠢ᠃ ᠲᠤᠰᠤᠨ ᠵᠠᠰᠠᠯ ᠢ ᠲᠥᠷᠬᠢᠬᠦ ᠪᠤᠶᠤ | ᠲᠤᠰᠤᠯᠭᠠᠬᠤ ᠳᠠᠭᠠᠨ ᠡᠪᠡᠳᠴᠢᠨ ᠪᠤᠯᠤᠨ ᠡᠪᠡᠳᠴᠢᠨ ᠤ ᠬᠢᠨᠢ ᠤᠷᠤᠨ ᠢ ᠥᠨᠳᠤᠰᠤᠯᠡᠵᠤ᠂ ᠠᠮᠢᠳᠤᠯᠢᠭ ᠢᠶᠠᠷ ᠵᠤᠬᠢᠴᠠᠭᠤᠯᠤᠨ᠎ᠠ᠃ ᠲᠤᠬᠠᠢᠯᠠᠪᠠᠯ᠂ ᠠᠷᠠᠰᠤ | ᠮᠢᠬᠠᠨ ᠤ ᠡᠪᠡᠳᠴᠢᠨ᠂ ᠲᠤᠯᠤᠭᠠᠢ ᠶᠢᠨ ᠬᠡᠢ ᠡᠪᠡᠳᠴᠢᠨ ᠵᠡᠷᠬᠡ ᠭᠠᠳᠠᠨ᠎ᠠ ᠤᠷᠤᠰᠢᠵᠤ ᠪᠠᠶᠢᠬᠤ ᠡᠪᠡᠳᠴᠢᠨ ᠪᠤᠯ ᠭᠠᠳᠠᠨ᠎ᠠ ᠠᠴᠠ ᠨᠢ ᠲᠤᠰᠤ ᠲᠥᠷᠬᠢᠨ᠎ᠡ᠃ ᠠᠮᠠ᠂ | ᠬᠡᠯᠡ᠂ ᠰᠢᠳᠤᠨ ᠤ ᠡᠪᠡᠳᠴᠢᠨ ᠳᠤ ᠪᠥᠯᠢᠶᠡᠰᠭᠡᠵᠤ ᠪᠠᠶᠢᠭᠠᠤᠨ ᠠᠮᠠᠨ ᠳᠤᠨᠢ ᠤᠭᠤᠴᠢ ᠲᠥᠬᠦᠷᠡᠩ ᠪᠠᠶᠢᠯᠭᠠᠨ᠎ᠠ᠃ ᠮᠠᠩᠨᠠᠢ ᠶᠢᠨ ᠬᠡᠰᠡᠭ᠂ ᠨᠢᠳᠤᠨ ᠵᠤᠪᠬᠢ᠂ | ᠲᠠᠷᠢᠬᠢᠨ ᠤ ᠡᠪᠡᠳᠴᠢᠨ ᠨᠦᠭᠦᠳ ᠲᠤ ᠲᠤᠰᠤ ᠪᠠᠨ ᠪᠥᠯᠢᠶᠡᠰᠭᠡᠵᠤ ᠪᠠᠶᠢᠭᠠᠤᠨ ᠬᠠᠮᠠᠷ ᠲᠤᠨᠢ ᠲᠤᠰᠤᠯᠭᠠᠨᠠ᠃ ᠪᠥᠰᠡᠯᠡᠬᠦᠷ ᠠᠴᠠ ᠲᠤᠷᠤᠭᠰᠢᠬᠢ ᠲᠤᠤᠷ᠎ᠠ ᠪᠡᠶ᠎ᠡ ᠶᠢᠨ | ᠡᠪᠡᠳᠴᠢᠨ ᠳᠤ ᠵᠥᠬᠡᠯᠡᠨ ᠰᠢᠮᠡᠵᠢᠬᠦᠯᠬᠡ ᠪᠠᠷ ᠥᠭᠭᠦᠨ᠎ᠠ᠃ ᠴᠡᠬᠡᠵᠢᠨ ᠪᠡᠶ᠎ᠡ ᠶᠢᠨ ᠡᠪᠡᠳᠴᠢᠨ ᠪᠤᠶᠤ ᠲᠤᠤᠷ᠎ᠠ ᠪᠡᠶ᠎ᠡ ᠶᠢᠨ ᠡᠪᠡᠳᠴᠢᠨ ᠳᠤ ᠤᠤᠭᠤᠯᠭᠠᠵᠤ ᠪᠤᠯᠤᠨ᠎ᠠ᠃ | ᠵᠠᠰᠠᠯ ᠬᠡᠳᠤᠷᠡᠭᠰᠡᠨ ᠪᠠᠶᠢᠪᠠᠯ ᠥᠯᠤᠰᠭᠡᠵᠤ ᠤᠮᠳᠠᠭᠠᠰᠤᠭᠤᠯᠬᠤ ᠪᠠ ᠡᠮᠴᠢ ᠶᠢᠨ ᠵᠠᠬᠢᠶ᠎ᠠ ᠪᠠᠷ ᠬᠤᠳᠤᠭᠤᠳᠤᠨ ᠳᠤᠨᠢ ᠵᠢᠩ ᠲᠠᠯᠪᠢᠬᠤ᠂ ᠡᠰᠡᠬᠦᠯ᠎ᠡ | ᠪᠥᠬᠡᠯᠵᠢᠬᠦᠯᠦ᠋ᠭᠰᠡᠨ ᠤ ᠲᠠᠷᠠᠭ᠎ᠠ ᠠᠷᠢᠬᠢ᠂ ᠪᠤᠴᠠᠯᠤᠭᠰᠠᠨ ᠤᠰᠤ᠂ ᠥᠳᠭᠡᠨ ᠴᠠᠢ ᠵᠡᠷᠬᠡ ᠶᠢ ᠤᠤᠭᠤᠯᠭᠠᠬᠤ ᠪᠤᠶᠤ ᠠᠮᠤᠷ ᠊᠊᠊᠊᠊ 6᠂ ᠬᠤᠳᠤᠭᠤᠳᠤᠨ ᠠᠷᠤᠷ᠎ᠠ ᠊᠊᠊᠊᠊ | 10᠂ ᠮᠤᠯᠤᠷ ᠲᠠᠪᠤᠰᠤ ᠊᠊᠊᠊᠊ 4 ᠵᠡᠷᠬᠡ ᠶᠢ ᠤᠤᠭᠤᠯᠭᠠᠵᠤ ᠪᠤᠯᠤᠨ᠎ᠠ᠃ ᠢᠳᠡᠭᠡᠨ ᠤᠮᠳᠠᠭᠠᠨ ᠤ ᠲᠠᠯ᠎ᠠ ᠪᠠᠷ ᠵᠠᠰᠠᠯ ᠤᠨ ᠲᠠᠷᠠᠭ᠎ᠠ ᠪᠤᠴᠠᠯᠤᠭᠰᠠᠨ ᠤᠰᠤ | ᠤᠤᠭᠤᠯᠭᠠᠵᠤ᠂ ᠰᠢᠩᠭᠡᠭᠡᠯᠳᠡ ᠳᠤ ᠲᠤᠰᠠᠯᠠᠬᠤ ᠪᠥᠬᠡᠤᠨ ᠬᠥᠡᠭᠭᠡᠨ ᠪᠥᠯᠢᠶᠡᠨ ᠪᠤᠶᠤ ᠰᠢᠩᠭᠡᠭᠡᠭᠦ ᠳᠤ ᠬᠢᠯᠪᠡᠷ ᠲᠤᠳᠤᠷᠭᠠᠨ ᠰᠢᠩᠭᠡᠨ ᠪᠤᠳᠠᠭ᠎ᠠ᠂ ᠴᠢᠨᠠᠭᠰᠠᠨ ᠭᠤᠯᠢᠷ | ᠪᠤᠶᠤ ᠬᠠᠭᠤᠷᠴᠤ ᠲᠠᠯᠠᠭᠳᠠᠭᠰᠠᠨ ᠢᠳᠡᠭᠡᠨ ᠢ ᠪᠠᠭ᠎ᠠ ᠬᠡᠮᠵᠢᠶ᠎ᠡ ᠪᠠᠷ ᠢᠳᠡᠭᠦᠯᠭᠦ ᠬᠡᠷᠡᠭᠳᠡᠢ᠃ ᠲᠥᠬᠦᠬᠡᠢ᠂ ᠡᠰᠡ ᠰᠢᠩᠭᠡᠭᠡᠬᠦ ᠵᠦᠢᠯ᠂ ᠬᠡᠳᠤᠷᠬᠡᠢ ᠬᠤᠷᠴᠠ ᠬᠠᠯᠠᠭᠤᠨ | ᠪᠤᠶᠤ ᠬᠥᠢᠳᠡᠨ ᠢᠳᠡᠭᠡᠨ ᠤᠮᠳᠠᠭᠠᠨ ᠢ ᠴᠡᠬᠡᠷᠯᠡᠭᠦᠯᠭᠦ ᠬᠡᠷᠡᠭᠳᠡᠢ᠃ ᠶᠠᠪᠤᠳᠠᠯ ᠮᠥᠷ ᠤᠨ ᠲᠠᠯ᠎ᠠ ᠪᠠᠷ ᠵᠠᠰᠠᠯ ᠤᠨ ᠲᠠᠷᠠᠭ᠎ᠠ ᠬᠡᠨᠡᠳᠳᠡ ᠪᠠᠷ ᠬᠠᠳᠠᠭᠤ ᠬᠥᠴᠤᠯᠡᠬᠦ᠂ | ᠡᠮᠬᠡᠨᠢᠨ ᠵᠤᠪᠠᠭᠤ᠂ ᠤᠯᠠᠨ ᠥᠬᠦᠯᠡᠬᠦ ᠮᠡᠳᠤ ᠶᠢᠨ ᠰᠡᠳᠭᠢᠯ ᠤᠨ ᠤᠢᠢᠯᠡ ᠶᠢ ᠬᠡᠳᠤᠷᠡᠭᠦᠯᠭᠦ᠂ ᠡᠳᠤᠷ ᠬᠡᠳᠤᠷᠬᠡᠢ ᠤᠨᠳᠠᠬᠤ᠂ ᠮᠤᠷᠢ ᠤᠨᠤᠭ᠎ᠠ ᠤᠨᠤᠬᠤ᠂ ᠰᠠᠯᠬᠢᠨ ᠳᠤ | ᠥᠯᠢᠶᠡᠭᠳᠡᠭᠦ᠂ ᠪᠤᠷᠤᠭᠠᠨ ᠴᠢᠬᠢᠭ ᠲᠤ ᠨᠤᠷᠤᠭᠳᠠᠬᠤ᠂ ᠤᠳᠤᠭᠠᠨ ᠳᠤ ᠤᠳᠤᠭᠳᠠᠬᠤ᠂ ᠬᠤᠷᠢᠴᠡᠯ ᠤᠨ ᠠᠮᠢᠳᠤᠷᠠᠯ ᠬᠢᠬᠦ ᠵᠡᠷᠬᠡ ᠶᠢ ᠴᠡᠬᠡᠷᠯᠡᠬᠦ ᠬᠡᠷᠡᠭᠳᠡᠢ᠃ | |