| ᠵᠤᠭᠤᠰ ᠪᠤᠯ ᠨᠠᠶᠢᠭᠡᠮ ᠤᠨ ᠠᠵᠤ ᠠᠬᠤᠢ ᠶᠢᠨ ᠭᠦᠭᠵᠢᠯᠳᠠ ᠶᠢᠨ ᠲᠠᠸᠠᠷ ᠤᠨ ᠰᠤᠯᠢᠯᠴᠠᠭᠠᠨ ᠤ ᠦᠷᠭᠡᠵᠢᠯᠳᠠ ᠶᠢᠨ ᠵᠠᠶᠢᠯᠠᠰᠢ ᠦᠭᠡᠢ ᠪᠦᠳᠤᠭᠡᠭᠳᠡᠭᠦᠨ ᠮᠦᠨ᠃ | ᠮᠦᠨ ᠴᠤ ᠨᠠᠶᠢᠭᠡᠮ ᠤᠨ ᠪᠤᠯᠪᠠᠰᠤᠨ ᠤ ᠪᠠᠯᠭᠡ ᠲᠠᠮᠳᠡᠭ ᠪᠤᠯᠬᠤ ᠶᠤᠮ᠃ ᠮᠠᠷᠺᠰ ︽ᠵᠤᠭᠤᠰᠤᠨ ᠤ ᠭᠡᠯᠪᠡᠷᠢ ᠶᠢ ᠨᠡᠭᠦᠳᠠᠯᠴᠢᠨ ᠦᠨᠳᠤᠰᠤᠳᠠᠨ ᠬᠠᠮᠤᠭ ᠤᠨ ᠲᠠᠷᠢᠭᠦᠨ ᠳᠤ | ᠭᠦᠭᠵᠢᠭᠦᠯᠪᠠ᠃ ᠲᠠᠳᠠ ᠨᠠᠷ ᠤᠨ ᠪᠦᠭᠦ ᠡᠳ᠋ ᠭᠦᠷᠤᠩᠭᠡ ᠨᠢ ᠰᠢᠯᠵᠢᠵᠤ ᠪᠤᠯᠳᠠᠭ ᠪᠦᠭᠡᠳ ᠰᠢᠭᠤᠳ ᠰᠢᠯᠵᠢᠬᠦᠯᠦᠨ ᠦᠭᠭᠦ ᠭᠡᠯᠪᠡᠷᠢ ᠲᠠᠢ ᠪᠠᠶᠢᠭᠰᠠᠨ ᠪᠠ ᠪᠠᠰᠠ | ᠠᠮᠢᠳᠤᠷᠠᠯ ᠤᠨ ᠠᠷᠭ᠎ᠠ ᠨᠢ ᠴᠤ ᠲᠠᠳᠠ ᠨᠠᠷ ᠢ ᠪᠤᠰᠤᠳ ᠬᠠᠮᠳᠤ ᠶᠢᠨ ᠴᠤᠭᠴᠠ ᠲᠠᠢ ᠦᠷᠭᠦᠯᠵᠢ ᠬᠠᠷᠢᠯᠴᠠᠭᠤᠯᠳᠠᠭ ᠪᠠᠶᠢᠭᠰᠠᠨ ᠤᠴᠢᠷ ᠠᠴᠠ ᠦᠢᠯᠡᠳᠭᠦᠨ ᠢᠶᠠᠨ | ᠰᠤᠯᠢᠯᠴᠠᠬᠤ ᠶᠠᠪᠤᠳᠠᠯ ᠪᠤᠢ ᠪᠤᠯᠵᠠᠢ︾ ᠭᠡᠵᠤ ᠭᠡᠯᠡᠭᠰᠡᠨ ᠪᠢᠯᠠ᠃ ᠭᠡᠪᠡᠴᠤ ᠳᠤᠬᠠᠢ ᠶᠢᠨ ᠦᠶ᠎ᠠ ᠶᠢᠨ ᠵᠤᠭᠤᠰ ᠪᠤᠯ ᠵᠦᠪᠭᠡᠨ ᠦᠷᠳᠡᠭ ᠤᠨ ᠲᠠᠩᠴᠡᠭᠦᠤ ᠭᠡᠯᠪᠡᠷᠢ ᠳᠤ | ᠤᠷᠤᠰᠢᠬᠤ ᠤᠨᠴᠠᠭᠠᠢ ᠲᠠᠸᠠᠷ ᠮᠦᠨ᠃ | ᠯᠤᠪᠰᠠᠩᠴᠦ᠋ᠢᠳᠠᠨ ︽ᠮᠤᠩᠭᠤᠯ ᠵᠠᠩ ᠠᠭᠠᠯᠢ ᠶᠢᠨ ᠦᠢᠯᠠᠪᠤᠷᠢ︾ ᠳᠠᠭᠠᠨ᠄ ︽ᠮᠤᠩᠭᠤᠯ ᠡᠳᠡᠭᠡᠳ ᠠᠴᠠ ᠪᠦᠰ ᠳᠤᠷᠭᠠᠨ ᠤ ᠵᠦᠢᠯ ᠭᠠᠷᠬᠤ ᠦᠭᠡᠢ ᠳᠤᠯᠠᠳᠠ | ᠬᠤᠪᠴᠠᠰᠤ ᠬᠤᠨᠠᠷ ᠵᠠᠭᠦᠤ ᠤᠳᠠᠰᠤ ᠬᠠᠶᠢᠴᠢ ᠰᠠᠪᠠ ᠪᠦᠷᠢ ᠶᠢ ᠴᠦᠮ ᠭᠢᠳᠠᠳ ᠠᠴᠠ ᠬᠤᠳᠠᠯᠳᠤᠵᠤ ᠠᠪᠬᠤ ᠳᠤᠯᠠ ᠭᠡᠰᠡᠭ ᠮᠦᠡᠭᠭᠦ ᠶᠢ ᠶᠡᠭᠡ ᠡᠷᠭᠢᠮᠯᠠᠮᠤᠢ᠃ ᠡᠭᠦᠨ ᠢᠶᠠᠷ | ᠮᠠᠯ ᠮᠤᠷᠢ ᠶᠢ ᠲᠠᠵᠢᠭᠡᠵᠤ ᠶᠠᠪᠤᠬᠤ ᠤᠴᠢᠷ ᠲᠤ ᠵᠤᠭᠤᠰ ᠢ ᠲᠠᠶᠢᠮᠤ ᠭᠦᠨᠳᠤ ᠪᠠᠷ ᠦᠵᠡᠭᠦ ᠦᠭᠡᠢ᠂ ᠠᠷᠠᠯᠵᠢᠶ᠎ᠠ ᠬᠤᠳᠠᠯᠳᠤᠭ᠎ᠠ ᠶᠢᠨ ᠭᠦᠮᠦᠰ ᠪᠠᠰᠠ ᠮᠤᠩᠭᠤᠯ | ᠠᠶᠢᠮᠠᠭ ᠤᠳ ᠤᠨ ᠠᠭᠠᠯᠢ ᠶᠢ ᠮᠠᠳᠠᠵᠤ ᠲᠠᠪᠤᠨ ᠴᠢᠨ ᠤ ᠦᠯᠤᠭᠡᠢ ︵ᠮᠦᠡᠭᠭᠦ ᠶᠢᠨ ᠭᠡᠰᠡᠭ︶᠂ ᠨᠢᠭᠡ ᠯᠠᠩ ᠤᠨ ᠦᠯᠤᠭᠡᠢ᠂ ᠠᠷᠪᠠᠨ ᠯᠠᠩ ᠤᠨ ᠦᠯᠤᠭᠡᠢ᠂ ᠬᠤᠷᠢᠨ ᠲᠠᠪᠤᠨ | ᠯᠠᠩ ᠤᠨ ᠦᠯᠤᠭᠡᠢ᠂ ᠲᠠᠪᠢᠨ ᠭᠤᠷᠪᠠᠨ ᠯᠠᠩ ᠤᠨ ᠶᠤᠸᠠᠮᠪᠤᠤ᠂ ᠠᠷᠪᠠᠨ ᠯᠠᠩ ᠤᠨ ᠠᠯᠳᠠ᠂ ᠬᠤᠶᠠᠷ ᠯᠠᠩ ᠤᠨ ᠠᠯᠳᠠ᠂ ᠡᠳᠡᠭᠡᠷ ᠭᠡᠪᠴᠢᠶᠠᠳᠤ ᠭᠦᠨᠳᠤ ᠬᠤᠪᠢ ᠪᠠᠷ | ᠵᠤᠭᠤᠰ ᠤᠨ ᠦᠨ᠎ᠠ ᠶᠢ ᠪᠤᠳᠤᠵᠤ ᠮᠤᠩᠭᠤᠯ ᠤᠨ ᠠᠳᠤᠭᠤ ᠮᠠᠯ ᠢ ᠠᠪᠤᠮᠤᠢ︾ ᠭᠡᠵᠤ ᠳᠤᠬᠠᠢ ᠶᠢᠨ ᠦᠶ᠎ᠠ ᠶᠢᠨ ᠠᠷᠠᠯᠵᠢᠶ᠎ᠠ ᠮᠠᠶᠢᠮᠠᠢ ᠶᠢᠨ ᠰᠤᠯᠢᠯᠴᠠᠭᠠᠨ ᠤ ᠠᠷᠭ᠎ᠠ ᠶᠢ | ᠳᠤᠳᠤᠷᠬᠠᠢ ᠲᠠᠮᠳᠡᠭᠯᠡᠭᠰᠡᠨ ᠪᠠᠶᠢᠨ᠎ᠠ᠃ ᠡᠶᠢᠮᠤ ᠠᠴᠠ ᠳᠤᠬᠠᠢ ᠶᠢᠨ ᠦᠶ᠎ᠠ ᠶᠢᠨ ᠵᠤᠭᠤᠰ ᠪᠤᠯ ᠪᠤᠳᠠᠳᠤ ᠶᠠᠭᠤᠮ᠎ᠠ ᠶᠢᠨ ᠵᠤᠭᠤᠰ ᠪᠠᠶᠢᠭᠰᠠᠨ ᠪᠤᠯᠬᠤᠷ ᠡᠳᠤᠭᠡ ᠶᠢᠨ ᠣᠳᠬ᠎ᠠ | ᠪᠦᠭᠦᠢ ᠢᠳᠡᠭᠡᠮᠵᠢ ᠶᠢᠨ ᠵᠤᠭᠤᠰ ᠪᠢᠰᠢ ᠶᠤᠮ᠃ ᠮᠠᠨ ᠤ ᠤᠷᠤᠨ ᠤ ᠵᠠᠷᠢᠮ ᠠᠵᠤ ᠠᠬᠤᠢ ᠶᠢᠨ ᠡᠷᠳᠡᠮᠳᠠᠨ᠂ ︽10 ᠳ᠋ᠤᠭᠠᠷ ᠵᠠᠭᠤᠨ ᠤ ᠦᠶ᠎ᠠ ᠶᠢᠨ ᠮᠤᠩᠭᠤᠯ ᠤᠨ | ᠨᠠᠶᠢᠭᠡᠮ ᠳᠤ ᠵᠤᠭᠤᠰ ᠪᠤᠢ ᠪᠤᠯᠵᠤ᠂ ᠮᠤᠩᠭᠤᠯ ᠤᠨ ᠶᠡᠭᠡ ᠬᠠᠭᠠᠨᠳᠤ ᠤᠯᠤᠰ ᠤᠨ ᠦᠶ᠎ᠠ ᠳᠤ᠂ ᠮᠤᠩᠭᠤᠯ ᠤᠨ ᠨᠠᠶᠢᠭᠡᠮ ᠳᠠᠬᠢ ᠵᠤᠭᠤᠰ ᠤᠨ ᠲᠦᠷᠦᠯ ᠵᠦᠢᠯ ᠤᠯᠠᠰᠢᠷᠠᠨ᠂ | ᠪᠤᠳᠠᠳᠤ ᠶᠠᠭᠤᠮ᠎ᠠ ᠶᠢᠨ ᠵᠤᠭᠤᠰ᠂ ᠴᠢᠳᠬᠤᠮᠠᠯ ᠵᠤᠭᠤᠰ ᠭᠢᠭᠡᠳ ᠴᠠᠭᠠᠰᠤᠨ ᠵᠤᠭᠤᠰ ᠭᠠᠷᠴᠤ᠂ ᠶᠤᠸᠠᠨ ᠤᠯᠤᠰ ᠤᠨ ᠦᠶ᠎ᠠ ᠳᠤ ᠴᠠᠭᠠᠰᠤᠨ ᠵᠤᠭᠤᠰ ᠨᠢ ᠨᠢᠭᠡᠨᠳᠡ | ᠲᠦᠭᠡᠮᠠᠯ ᠭᠡᠷᠡᠭᠯᠡᠭᠳᠡᠭᠦ ᠰᠤᠯᠢᠯᠴᠠᠭᠠᠨ ᠤ ᠪᠠᠭᠠᠵᠢ ᠪᠤᠯᠤᠭᠰᠠᠨ ᠪᠠᠶᠢᠨ᠎ᠠ︾ ᠭᠡᠵᠠᠢ᠃ ᠮᠤᠩᠭᠤᠯ ᠲᠠᠤᠭᠡ ᠶᠢ ᠰᠠᠭᠦᠵᠤ ᠦᠵᠡᠪᠡᠯ᠂ 1236 ᠤᠨ ᠤ 3 ᠰᠠᠷ᠎ᠠ ᠳᠤ ︵ | ᠦᠭᠡᠳᠠᠢ ᠬᠠᠭᠠᠨ ᠤ ᠨᠠᠢᠮᠠᠳᠤᠭᠠᠷ ᠤᠨ︶ ᠶᠧᠯᠢᠤᠢ ᠴᠦᠼᠠᠢ ᠶᠢᠨ ᠠᠶᠢᠯᠠᠳᠬᠠᠭᠰᠠᠨ ᠶᠤᠰᠤᠭᠠᠷ ᠲᠦᠮᠠᠨ ᠦᠯᠤᠭᠡᠢ ︵ᠲᠠᠪᠤᠨ ᠱᠠᠩ ᠤᠨ ᠮᠦᠡᠭᠭᠦ︶ ᠭᠡᠮᠵᠢᠶᠠᠨ ᠤ | ᠪᠠᠷᠯᠠᠭᠰᠠᠨ ᠴᠠᠭᠠᠰᠤᠨ ᠵᠤᠭᠤᠰ ᠢ ᠮᠤᠩᠭᠤᠯ ᠳᠤ ᠠᠩᠬ᠎ᠠ ᠤᠳᠠᠭ᠎ᠠ ᠭᠡᠷᠡᠭᠯᠡᠵᠠᠢ᠃ | ᠶᠤᠸᠠᠨ ᠤᠯᠤᠰ ᠤᠨ ᠦᠶ᠎ᠠ ᠳᠤ ᠬᠤᠪᠢᠯᠠᠢ ᠬᠠᠭᠠᠨ ᠰᠠᠭᠤᠷᠢᠨ ᠢ ᠵᠠᠯᠭᠠᠮᠵᠢᠯᠠᠭᠰᠠᠨ ᠤ ᠰᠠᠭᠦᠯᠠᠷ᠂ ᠰᠦᠡᠭ᠂ ᠠᠯᠳᠠᠨ ᠤᠯᠤᠰ ᠤᠨ ᠴᠠᠭᠠᠰᠤᠨ ᠵᠤᠭᠤᠰ | ᠬᠡᠷᠡᠭᠵᠢᠬᠦᠯᠦᠭᠰᠡᠨ ᠬᠠᠭᠤᠴᠢᠨ ᠲᠦᠷᠢᠮ ᠢ ᠵᠠᠯᠭᠠᠮᠵᠢᠯᠠᠨ᠂ ᠨᠢᠭᠡᠨ ᠪᠦᠷᠢᠨ ᠲᠦᠭᠦᠷ ᠶᠤᠸᠠᠨ ᠤᠯᠤᠰ ᠤᠨ ᠴᠠᠭᠠᠰᠤᠨ ᠵᠤᠭᠤᠰ ᠤᠨ ᠲᠦᠷᠢᠮ ᠢ ᠪᠠᠶᠢᠭᠤᠯᠤᠭᠰᠠᠨ ᠠᠴᠠ | ᠴᠠᠭᠠᠰᠤᠨ ᠵᠤᠭᠤᠰᠤᠨ ᠤ ᠭᠦᠭᠵᠢᠯ ᠰᠢᠨ᠎ᠠ ᠨᠢᠭᠡᠨ ᠱᠠᠳᠤ ᠦᠶ᠎ᠠ ᠳᠤ ᠤᠷᠤᠵᠠᠢ᠃ ᠶᠤᠸᠠᠨ ᠤᠯᠤᠰ ᠤᠨ ᠴᠠᠭᠠᠰᠤᠨ ᠵᠤᠭᠤᠰ ᠨᠢ ︽ᠵᠦᠡᠭ ᠲᠦᠡᠭ ᠴᠠᠭᠠᠰᠤᠨ ᠵᠤᠭᠤᠰ︾᠂ | ︽ᠵᠦᠡᠭ ᠲᠦᠡᠭ ᠶᠤᠸᠠᠮᠪᠤᠤ ᠴᠠᠭᠠᠰᠤᠨ ᠵᠤᠭᠤᠰ︾᠂ ︽ᡁᠢ ᠶᠤᠸᠠᠨ ᠴᠠᠭᠠᠰᠤᠨ ᠵᠤᠭᠤᠰ︾᠂ ︽ᡁᠢ ᠵᠸᠡᠭ ᠴᠠᠭᠠᠰᠤᠨ ᠵᠤᠭᠤᠰ︾᠂ ︽ᡁᠢ ᠳ᠋ᠠ ᠴᠠᠭᠠᠰᠤᠨ ᠵᠤᠭᠤᠰ︾ | ᠭᠡᠵᠤ ᠶᠡᠭᠡ ᠲᠦᠯᠤᠪ ᠲᠠᠪᠤᠨ ᠲᠦᠷᠦᠯ ᠤᠨ ᠵᠤᠭᠤᠰ ᠪᠠᠶᠢᠵᠠᠢ᠃ ᠶᠤᠸᠠᠨ ᠤᠯᠤᠰ ᠤᠨ ᠴᠠᠭᠠᠰᠤᠨ ᠵᠤᠭᠤᠰ ᠤᠨ ᠳᠤᠭ᠎ᠠ ᠭᠡᠮᠵᠢᠶ᠎ᠠ ᠳᠤ ᠶᠡᠭᠡᠰᠭᠦ ᠪᠠᠭᠠᠰᠬᠤ ᠲᠦᠷᠦ ᠶᠢᠨ | ᠪᠤᠳᠤᠯᠭ᠎ᠠ ᠶᠢ ᠬᠡᠷᠡᠭᠵᠢᠬᠦᠯᠦᠭᠰᠡᠨ ᠪᠢᠰᠢ ᠬᠠᠷᠢᠨ ᠵᠦᠪᠭᠡᠨ ᠬᠠᠭᠤᠴᠢᠨ ᠵᠤᠭᠤᠰ ᠢ ᠰᠤᠯᠢᠵᠤ ᠪᠤᠴᠠᠭᠠᠬᠤ ᠵᠢᠴᠢ ᠠᠯᠳᠠ ᠮᠦᠡᠭᠭᠦ ᠶᠢ ᠠᠷᠠᠯᠵᠢᠶᠠᠯᠠᠬᠤ ᠠᠷᠭ᠎ᠠ ᠳᠤᠳᠤᠷ᠎ᠠ | ᠴᠠᠭᠠᠰᠤᠨ ᠵᠤᠭᠤᠰ ᠤᠨ ᠭᠦᠢᠯᠭᠡᠭᠡᠨ ᠢ ᠬᠠᠪᠰᠤᠷᠤᠭᠰᠠᠨ ᠲᠠᠳᠤᠢ ᠯᠠ ᠠᠵᠢ᠃ | ᠮᠤᠩᠭᠤᠯ ᠬᠠᠭᠠᠨᠳᠤ ᠤᠯᠤᠰ ᠤᠨ ᠦᠶ᠎ᠠ ᠳᠤ᠂ ᠮᠤᠩᠭᠤᠯᠴᠤᠳ ᠪᠠᠰᠠ ᠤᠳᠤᠭ ᠵᠤᠭᠤᠰ ᠭᠡᠷᠡᠭᠯᠡᠵᠤ ᠪᠠᠶᠢᠭᠰᠠᠨ ᠲᠠᠮᠳᠡᠭᠯᠡᠯ ᠪᠤᠢ᠃ ᠤᠳᠤᠭ ᠵᠤᠭᠤᠰ ᠭᠡᠳᠡᠭ ᠨᠢ | ᠦᠨᠳᠤᠷ ᠭᠦᠤ ᠲᠠᠢ ᠵᠢᠭᠡᠯᠡᠯᠭᠡ ᠶᠢᠨ ᠭᠦᠷᠤᠩᠭᠡ ᠶᠢ ᠭᠡᠯᠡᠳᠡᠭ ᠠᠵᠢ᠃ ᠡᠨᠡ ᠨᠢ ᠪᠠᠷᠠᠭᠤᠨ ᠤᠷᠤᠨ ᠤ ᠬᠤᠳᠠᠯᠳᠤᠭᠠᠴᠢᠨ ᠠᠴᠠ ᠤᠯᠠᠮᠵᠢᠯᠠᠨ ᠢᠷᠡᠭᠰᠡᠨ ᠨᠢᠭᠡᠨ ᠵᠦᠢᠯ ᠤᠨ | ᠵᠤᠭᠤᠰ ᠶᠤᠮ᠃ ᠤᠳᠤᠭ ᠵᠤᠭᠤᠰ ᠪᠤᠯ ᠨᠢᠭᠡᠨ ᠵᠦᠢᠯ ᠤᠨ ᠭᠦᠤᠵᠢᠭᠦ ᠭᠦᠷᠤᠩᠭᠡ ᠮᠦᠨ᠃ ᠭᠦᠤᠵᠢᠭᠦ ᠭᠦᠷᠤᠩᠭᠡ ᠪᠤᠯ ᠨᠢᠭᠡᠨ ᠦᠨᠢ ᠤᠳᠠᠭᠠᠨ ᠲᠠᠤᠭᠡ ᠲᠠᠢ | ᠭᠦᠷᠤᠩᠭᠡ ᠶᠢᠨ ᠭᠡᠯᠪᠡᠷᠢ ᠮᠦᠨ᠃ | ︽ᠬᠠᠷ᠎ᠠ ᠲᠠᠲ᠋ᠠᠷ ᠤᠨ ᠳᠤᠬᠠᠢ ᠭᠡᠷᠡᠭ ᠤᠨ ᠳᠤᠪᠴᠢ︾ ᠭᠡᠮᠡᠭᠦ ᠲᠠᠤᠭᠡᠨ ᠨᠤᠮ ᠳᠤ ︽ᠡᠯ᠎ᠠ ᠭᠠᠵᠠᠷ ᠤᠨ ᠨᠤᠶᠠᠳ ᠲᠦᠰᠢᠮᠠᠳ ᠨᠢ ᠦᠢᠭᠤᠷ ᠤᠨ ᠵᠢᠭᠡᠯᠡᠪᠤᠷᠢ | ᠮᠦᠡᠭᠭᠦ ᠶᠢ ᠭᠡᠷᠡᠭᠯᠡᠭᠡᠳ ᠨᠢᠭᠡᠳᠤᠭᠡᠷ ᠵᠢᠯ ᠳᠤ ᠨᠢᠭᠡ ᠲᠠᠭᠢᠨ ᠦᠰᠴᠤ᠂ ᠬᠤᠶᠠᠳᠤᠭᠠᠷ ᠵᠢᠯ ᠳᠤ ᠡᠭᠡ ᠭᠦᠤ ᠶᠢ ᠨᠢ ᠪᠠᠰᠠ ᠨᠢᠭᠡ ᠲᠠᠭᠢᠨ ᠦᠰᠭᠡᠮᠤᠢ᠃ ᠡᠭᠦᠨ ᠢ | ᠬᠤᠷᠠᠭ᠎ᠠ ᠶᠢᠨ ᠭᠦᠤ ᠭᠡᠨ᠎ᠠ ᠁ ᠨᠢᠭᠡ ᠦᠯᠤᠭᠡᠢ᠂ ᠵᠢᠯ ᠤᠨ ᠰᠠᠭᠦᠯ ᠳᠤ ᠬᠤᠶᠠᠷ ᠪᠤᠯᠵᠤ᠂ ᠬᠤᠶᠠᠳᠤᠭᠠᠷ ᠵᠢᠯ ᠤᠨ ᠰᠠᠭᠦᠯ ᠳᠤ ᠲᠦᠷᠪᠡ ᠪᠤᠯᠵᠤ᠂ ᠭᠤᠷᠪᠠᠳᠤᠭᠠᠷ | ᠵᠢᠯ ᠤᠨ ᠰᠠᠭᠦᠯ ᠳᠤ ᠨᠠᠢᠮᠠ ᠪᠤᠯᠤᠭᠠᠳ᠂ ᠠᠷᠪᠠᠳᠤᠭᠠᠷ ᠵᠢᠯ ᠤᠨ ᠰᠠᠭᠦᠯ ᠳᠤ ᠴᠢᠪ ᠭᠡᠮᠡᠨ ᠨᠢᠭᠡ ᠮᠢᠩᠭ᠎ᠠ ᠪᠦᠭᠡᠳ ᠬᠤᠷᠢᠨ ᠲᠦᠷᠪᠠᠨ ᠦᠯᠤᠭᠡᠢ ᠪᠤᠯᠬᠤ ᠶᠤᠮ︾ ᠭᠡᠵᠤ | ᠲᠠᠮᠳᠡᠭᠯᠡᠵᠠᠢ᠃ ᠡᠨᠡ ᠨᠢ ᠪᠠᠯᠠ ᠠᠴᠠ ᠠᠰᠢᠭ ᠡᠭᠦᠰᠴᠤ᠂ ᠠᠰᠢᠭ ᠠᠴᠠ ᠪᠠᠨ ᠭᠦᠤ ᠲᠦᠷᠦᠳᠡᠭ ᠮᠦᠷᠳᠡᠭᠡᠨ ᠭᠦᠤ ᠮᠦᠡᠭᠭᠦ ᠶᠢᠨ ᠨᠤᠷᠮ᠎ᠠ ᠨᠢ 100% ᠪᠠᠷ ᠦᠰᠴᠤ᠂ | ᠵᠡᠷᠭᠡᠳᠤ ᠪᠠᠷ ᠲᠠᠪᠰᠢᠨ ᠨᠡᠮᠡᠭᠳᠡᠳᠡᠭ ᠪᠠᠶᠢᠵᠠᠢ᠃ ᠤᠳᠤᠭ ᠵᠤᠭᠤᠰ ᠢ ᠳᠤᠭᠠᠨ ᠤ ᠡᠭᠦᠳᠠᠨ ᠠᠴᠠ ᠦᠵᠡᠪᠡᠯ᠂ ᠢᠳᠡᠭᠡᠮᠵᠢᠳᠤ ᠵᠢᠭᠡᠯᠡᠯᠭᠡ ᠪᠠ ᠪᠠᠷᠢᠴᠠᠭᠠᠯᠠᠨ ᠵᠢᠭᠡᠯᠡᠭᠦᠯᠭᠦ᠂ | ᠭᠦᠤ ᠠᠴᠠ ᠭᠦᠤ ᠲᠦᠷᠦᠭᠦ ᠦᠨᠳᠤᠷ ᠭᠦᠤ ᠲᠠᠢ ᠵᠢᠭᠡᠯᠡᠯᠭᠡ ᠶᠢᠨ ᠲᠠᠮᠳᠡᠭ ᠶᠤᠮ᠃ | ᠶᠠᠷᠤᠩᠭᠡᠶᠢᠯᠡᠭᠡᠳ ᠦᠵᠡᠪᠡᠯ᠂ ᠮᠤᠩᠭᠤᠯᠴᠤᠳ ᠤᠨ ᠡᠷᠳᠡᠨ ᠤ ᠠᠷᠠᠯᠵᠢᠶ᠎ᠠ ᠬᠤᠳᠠᠯᠳᠤᠭᠠᠨ ᠤ ᠦᠨᠳᠤᠰᠤᠨ ᠭᠡᠯᠪᠡᠷᠢ ᠨᠢ ᠲᠠᠭᠦᠨ ᠤ ᠰᠠᠭᠤᠷᠢ ᠪᠤᠯᠬᠤ ᠨᠠᠭᠦᠳᠠᠯ ᠮᠠᠯ | ᠠᠵᠤ ᠠᠬᠤᠢ ᠶᠢᠨ ᠠᠷᠭ᠎ᠠ ᠮᠠᠶ᠋ᠢᠭ ᠲᠠᠭᠠᠨ ᠳᠤᠭᠢᠷᠠᠭᠰᠠᠨ ᠮᠦᠷᠳᠡᠭᠡᠨ ᠡᠨᠡ ᠭᠦ ᠠᠵᠤ ᠠᠬᠤᠢ ᠶᠢᠨ ᠴᠤᠭᠴᠠ ᠶᠢᠨ ᠤᠨᠴᠠᠯᠢᠭ ᠰᠢᠨᠵᠢ ᠶᠢ ᠭᠦᠢᠴᠡᠳ ᠳᠤᠰᠬᠠᠭᠰᠠᠨ ᠪᠠᠶᠢᠳᠠᠭ᠃ | ᠲᠠᠷᠡ ᠨᠢ ᠭᠤᠤᠯᠳᠠᠭᠤ ᠪᠤᠳᠠᠰ ᠢ ᠪᠤᠳᠠᠰ ᠢᠶᠠᠷ ᠰᠤᠯᠢᠯᠴᠠᠬᠤ ᠪᠠ ᠬᠠᠨᠭ᠍ᠰᠢᠯᠠᠵᠤ ᠰᠤᠯᠢᠯᠴᠠᠬᠤ ᠵᠡᠷᠭᠡ ᠠᠷᠭ᠎ᠠ ᠪᠠᠷ ᠶᠠᠪᠤᠭᠳᠠᠳᠠᠭ᠂ ᠤᠯᠠᠷᠢᠯ ᠤᠨ ᠴᠢᠨᠠᠷᠳᠠᠢ᠂ ᠭᠦᠳᠡᠯᠭᠡᠭᠡᠨᠳᠤ | ᠴᠢᠨᠠᠷᠳᠠᠢ᠂ ᠨᠠᠶᠢᠷᠰᠠᠭ ᠴᠢᠨᠠᠷᠳᠠᠢ ᠤᠨᠴᠠᠯᠢᠭ ᠪᠦᠭᠦᠢ ᠠᠷᠠᠯᠵᠢᠶ᠎ᠠ ᠬᠤᠳᠠᠯᠳᠤᠭ᠎ᠠ ᠶᠤᠮ᠃ ︵︽ᠣᠷᠳᠣᠰ ᠤᠨ ᠮᠣᠩᠭᠤᠯ ᠬᠡᠯᠡᠨ ᠤ ᠰᠤᠨᠢᠨ ᠮᠡᠳᠡᠭᠡ ᠶᠢ ᠰᠦᠯᠵᠢᠶ᠎ᠠ︾ ᠠᠴᠠ︶ | | | | | |