| ︽ᠮᠧᠩ ᠳ᠋ᠸᠦ 1137︾ ᠨᠢ ᠪᠤᠰᠤᠳ ᠮᠤᠵᠢ ᠠᠴᠠ ᠣᠷᠣᠭᠤᠯᠤᠭᠰᠠᠨ ᠡᠭᠦᠯᠳᠡᠷ ᠤᠨ ᠰᠢᠷᠢᠰ ︽ᠶᠢᠨ ᠪᠧᠢ ᠠᠨ︾ ᠢᠶᠠᠷ ᠡᠴᠢᠭᠡ ᠦᠨᠳᠦᠰᠦ ᠪᠣᠯᠭᠠᠵᠤ᠂ | ᠳᠡᠭᠡᠳᠦ ᠬᠡᠮᠵᠢᠶᠡᠨ ᠤ ᠨᠡᠶᠢᠯᠡᠮᠡᠯ ᠬᠦᠴᠦᠨ ᠤ ᠭᠤᠣᠯᠯᠠᠭᠴᠢ ᠡᠬᠡ ᠦᠨᠳᠦᠰᠦ ︽ᠮᠧᠩ ᠳ᠋ᠸᠦ 28︾ ᠪᠠᠷ ᠡᠬᠡ ᠦᠨᠳᠦᠰᠦ ᠪᠣᠯᠭᠠᠵᠤ᠂ ᠤᠯᠤᠰ ᠤᠨ ᠬᠢᠨᠠᠯᠲᠠ ᠶᠢᠨ | ᠮᠥᠷᠲᠡᠭᠡᠨ ᠪᠦᠷᠢᠮᠦᠰᠦᠨ ᠦᠪᠡᠰᠦᠪᠡᠨ ᠮᠡᠳᠡᠯᠭᠡ ᠶᠢᠨ ᠦᠮᠴᠢᠯᠡᠯ ᠤᠨ ᠡᠷᠬᠡ ᠲᠠᠢ ᠡᠷᠲᠡ ᠪᠣᠯᠪᠠᠰᠤᠷᠠᠬᠤ ᠤᠭᠤᠷᠠᠭ ᠶᠡᠬᠡᠲᠡᠢ ᠰᠢᠷ᠎ᠠ ᠪᠤᠷᠴᠠᠭ ᠤᠨ ᠰᠢᠨ᠎ᠡ ᠡᠭᠦᠯᠳᠡᠷ | ᠪᠠᠶᠢᠵᠤ᠂ ᠮᠠᠨ ᠤ ᠤᠯᠤᠰ ᠤᠨ ᠡᠷᠲᠡ ᠪᠣᠯᠪᠠᠰᠤᠷᠠᠬᠤ ᠰᠢᠷ᠎ᠠ ᠪᠤᠷᠴᠠᠭ ᠤᠨ ᠭᠤᠣᠯᠯᠠᠬᠤ ᠡᠭᠦᠯᠳᠡᠷ ᠤᠨ ᠭᠤᠣᠯ ᠦᠷ᠎ᠡ ᠶᠢᠨ ᠢᠷᠡᠯᠲᠡ ᠳᠤᠲᠠᠭᠳᠠᠵᠤ ᠪᠠᠶᠢᠭᠰᠠᠨ | ᠪᠠᠶᠢᠳᠠᠯ ᠢ ᠰᠠᠶᠢᠵᠢᠷᠠᠭᠤᠯᠪᠠ᠃ | | ᠲᠤᠰ ᠡᠭᠦᠯᠳᠡᠷ ᠨᠢ ᠭᠤᠷᠪᠠᠨ ᠣᠨᠴᠠᠯᠢᠭ ᠲᠠᠢ᠄ | ᠨᠢᠭᠡ ᠳᠤ ᠥᠨᠳᠥᠷ ᠲᠣᠭᠲᠠᠭᠤᠨ ᠤᠨᠠᠯᠲᠠ ᠲᠠᠢ᠂ ᠮᠠᠨ ᠤ ᠤᠯᠤᠰ ᠤᠨ ᠤᠮᠠᠷᠠᠲᠤ ᠣᠷᠣᠨ ᠤ ᠬᠠᠪᠤᠷ ᠤᠨ ᠰᠢᠷ᠎ᠠ ᠪᠤᠷᠴᠠᠭ ᠤᠨ ᠦᠢᠯᠡᠳᠪᠦᠷᠢᠯᠡᠯ ᠤᠨ ᠭᠠᠵᠠᠷ | ᠣᠷᠣᠨ ᠤ ᠠᠮᠢ ᠠᠬᠤᠢ ᠶᠢᠨ ᠲᠥᠷᠥᠯ ᠵᠦᠢᠯ ᠤᠨ ᠵᠥᠷᠢᠶ᠎ᠡ ᠶᠡᠭᠡ᠂ ᠡᠩ ᠤᠨ ᠰᠢᠷ᠎ᠠ ᠪᠤᠷᠴᠠᠭ ᠤᠨ ᠡᠭᠦᠯᠳᠡᠷ ᠨᠢ ᠭᠠᠵᠠᠷ ᠣᠷᠣᠨ ᠤ ᠵᠥᠷᠢᠶ᠎ᠡ ᠠᠴᠠ ᠪᠣᠯᠵᠤ | ᠤᠨᠠᠯᠲᠠ ᠨᠢ ᠲᠣᠭᠲᠠᠭᠤᠨ ᠪᠤᠰᠤ ᠪᠠᠶᠢᠵᠤ᠂ ᠠᠳᠠᠯᠢ ᠨᠢᠭᠡᠨ ᠪᠤᠯᠪᠠᠰᠤᠷᠠᠬᠤ ᠬᠤᠭᠤᠴᠠᠭᠠᠨ ᠳᠠᠬᠢ ︽ᠮᠧᠩ ᠳ᠋ᠸᠦ 1137︾ ᠰᠢᠷ᠎ᠠ ᠪᠤᠷᠴᠠᠭ ᠳᠠᠷᠢᠬᠤ ᠣᠷᠣᠨ ᠤ | ᠤᠨᠠᠯᠲᠠ ᠨᠢ ᠲᠣᠭᠲᠠᠭᠤᠨ᠂ ᠶᠠᠰᠤ ᠴᠢᠨᠠᠷ ᠨᠢ ᠰᠢᠯᠢᠳᠡᠭ ᠰᠠᠶᠢᠨ᠂ ᠳᠠᠪᠠᠭᠤᠯᠢᠭ ᠨᠢ ᠢᠯᠡᠷᠬᠡᠢ ᠪᠠᠶᠢᠵᠤ᠂ ᠮᠠᠨ ᠤ ᠤᠯᠤᠰ ᠤᠨ ᠵᠡᠭᠦᠨ ᠬᠤᠶᠢᠲᠤ ᠣᠷᠣᠨ ᠳᠤ | ᠲᠣᠬᠢᠷᠠᠬᠤ ᠪᠠᠷ ᠪᠠᠷᠠᠬᠤ ᠦᠭᠡᠢ ᠪᠠᠰᠠ ᠰᠢᠨᠵᠢᠶᠠᠩ ᠤᠨ ᠬᠤᠶᠢᠲᠤ ᠬᠡᠰᠡᠭ ᠤᠨ ᠭᠠᠵᠠᠷ ᠣᠷᠣᠨ ᠳᠤ ᠲᠣᠬᠢᠷᠠᠨ᠎ᠠ︔ | ᠬᠤᠶᠠᠷ ᠲᠤ ᠡᠷᠲᠡ ᠪᠣᠯᠪᠠᠰᠤᠷᠠᠳᠠᠭ᠂ ᠮᠠᠨ ᠤ ᠤᠯᠤᠰ ᠤᠨ ᠤᠮᠠᠷᠠᠲᠤ ᠣᠷᠣᠨ ᠤ ᠬᠠᠪᠤᠷ ᠤᠨ ᠰᠢᠷ᠎ᠠ ᠪᠤᠷᠴᠠᠭ ᠤᠨ ᠦᠢᠯᠡᠳᠪᠦᠷᠢᠯᠡᠯ ᠤᠨ ᠣᠷᠣᠨ ᠨᠢ | ᠭᠤᠣᠯᠳᠠᠭᠤ ᠬᠦᠢᠲᠡᠨ ᠰᠡᠷᠢᠭᠦᠨ ᠣᠷᠣᠨ ᠳᠤ ᠲᠠᠷᠬᠠᠵᠤ ᠪᠠᠶᠢᠳᠠᠭ᠂ ᠡᠨᠡ ᠲᠥᠷᠥᠯ ᠤᠨ ᠭᠠᠵᠠᠷ ᠣᠷᠣᠨ ᠳᠤ ᠰᠢᠷ᠎ᠠ ᠪᠤᠷᠴᠠᠭ ᠤᠨ ᠠᠵᠤ ᠠᠬᠤᠢ ᠶᠢᠨ ᠦᠷ᠎ᠡ ᠠᠰᠢᠭ | ᠥᠨᠳᠥᠷ ᠪᠠᠶᠢᠳᠠᠭ ᠠᠴᠠ ᠭᠤᠤᠯ ᠲᠠᠷᠢᠮᠠᠯ ᠤᠨ ᠵᠦᠢᠯᠡᠰ ᠪᠤᠯᠳᠠᠭ︔ | ᠭᠤᠷᠪᠠ ᠳᠤ ᠤᠯᠠᠨ ᠡᠰᠡᠷᠭᠦᠴᠡᠬᠦ ᠴᠢᠨᠠᠷ ᠲᠠᠢ᠂ ᠲᠡᠭᠦᠨ ᠤ ᠡᠰᠢ ᠨᠢ ᠪᠦᠳᠦᠭᠦᠨ᠂ ᠨᠠᠯᠠᠵᠤ ᠬᠠᠵᠠᠶᠢᠳᠠᠭ ᠦᠭᠡᠢ᠂ ᠮᠠᠰᠢᠨ ᠢᠶᠠᠷ ᠬᠤᠷᠢᠶᠠᠬᠤ ᠳᠤ ᠳᠡᠮᠡᠢ | ᠬᠤᠬᠢᠷᠠᠵᠤ ᠰᠦᠢᠳᠳᠡᠭ ᠦᠭᠡᠢ᠂ ᠡᠪᠡᠳᠴᠢᠨ ᠢ ᠡᠰᠡᠷᠭᠦᠴᠡᠬᠦ ᠴᠢᠨᠠᠷ ᠢᠶᠠᠷ ᠴᠢᠩᠭ᠎ᠠ᠂ ᠰᠢᠷ᠎ᠠ ᠪᠤᠷᠴᠠᠭ ᠤᠨ ᠭᠤᠣᠯ ᠡᠪᠡᠳᠴᠢᠨ ᠤ ᠬᠤᠣᠷ ᠬᠥᠨᠥᠭᠡᠯ ᠪᠣᠯᠬᠤ | ᠬᠢᠵᠢᠭ ᠤᠨ ᠦᠨᠳᠦᠰᠦᠨ ᠤ ᠢᠯᠵᠢᠷᠡᠬᠦ ᠡᠪᠡᠳᠴᠢᠨ ᠪᠠ ᠪᠣᠷᠣ ᠲᠣᠯᠪᠣᠲᠤ ᠡᠪᠡᠳᠴᠢᠨ ᠢ ᠡᠰᠡᠷᠭᠦᠴᠡᠬᠦ ᠴᠢᠨᠠᠷ ᠢᠶᠠᠷ ᠨᠡᠯᠢᠶᠡᠳ ᠴᠢᠩᠭ᠎ᠠ ᠪᠠᠶᠢᠳᠠᠭ᠃ | | | | ᠦᠢᠯᠡᠳᠪᠦᠷᠢᠯᠡᠯ ᠤᠨ ᠲᠤᠷᠰᠢᠯᠲᠠ ᠶᠢᠨ ᠳᠤᠮᠳᠠ ︽ᠮᠧᠩ ᠳ᠋ᠸᠦ 1137︾ ᠶᠢᠨ ᠮᠦ ᠪᠦᠷᠢ ᠶᠢᠨ ᠳᠤᠮᠳᠠᠴᠢ ᠤᠨᠠᠯᠲᠠ ᠨᠢ 183.4 ᠺᠢᠯᠣᠭ᠍ᠷᠠᠮ ᠪᠠᠶᠢᠵᠤ᠂ | ᠬᠠᠷᠢᠴᠠᠭᠤᠯᠤᠭᠰᠠᠨ ᠲᠥᠷᠥᠯ ᠵᠦᠢᠯ ᠤᠨ ᠤᠨᠠᠯᠲᠠ ᠠᠴᠠ 9.6% ᠨᠡᠮᠡᠭᠳᠡᠵᠦ᠂ 17.6 ᠺᠢᠯᠣᠭ᠍ᠷᠠᠮ ᠰᠢᠷ᠎ᠠ ᠪᠤᠷᠴᠠᠭ ᠨᠡᠮᠡᠭᠳᠡᠵᠦ᠂ ᠺᠢᠯᠣᠭ᠍ᠷᠠᠮ ᠪᠦᠷᠢ ᠳᠡᠭᠡᠨ 6 | ᠲᠥᠭᠦᠷᠢᠭ ᠢᠶᠠᠷ ᠪᠤᠳᠤᠪᠠᠯ᠂ 105 ᠲᠥᠭᠦᠷᠢᠭ ᠣᠷᠴᠢᠮ ᠨᠡᠮᠡᠭᠳᠡᠬᠦ ᠪᠣᠯᠣᠨ᠎ᠠ᠃ 2023 ᠣᠨ ᠳᠤ᠂ ︽ᠮᠧᠩ ᠳ᠋ᠸᠦ 1137︾ ᠨᠢ ᠲᠠᠷᠢᠶᠠᠯᠠᠩ ᠬᠥᠳᠡᠭᠡ | ᠲᠣᠰᠬᠤᠨ ᠤ ᠶᠠᠮᠤᠨ ᠤ ᠨᠡᠶᠢᠲᠡᠯᠡᠭᠰᠡᠨ ᠲᠠᠷᠢᠶᠠᠯᠠᠩ ᠤᠨ ᠭᠤᠣᠯᠯᠠᠬᠤ ᠡᠭᠦᠯᠳᠡᠷ ᠲᠤ ᠰᠣᠩᠭᠤᠭᠳᠠᠨ ᠣᠷᠣᠵᠤ᠂ ᠦᠷᠭᠡᠳᠬᠡᠨ ᠳᠠᠷᠢᠭᠰᠠᠨ ᠳᠠᠯᠠᠪᠠᠢ ᠨᠢ ᠨᠡᠶᠢᠲᠡ | 600 ᠭᠠᠷᠤᠢ ᠲᠦᠮᠡᠨ ᠮᠦ ᠳᠤ ᠬᠦᠷᠴᠦ᠂ ᠰᠢᠷ᠎ᠠ ᠪᠤᠷᠴᠠᠭ ᠦᠢᠯᠡᠳᠪᠦᠷᠢᠯᠡᠭᠴᠢ ᠶᠢᠨ ᠠᠰᠢᠭ ᠣᠷᠣᠯᠭ᠎ᠠ ᠶᠢ ᠪᠠᠷᠤᠭ 6.3 ᠳ᠋ᠦᠩᠰᠢᠭᠤᠷ ᠲᠥᠭᠦᠷᠢᠭ ᠨᠡᠮᠡᠭᠳᠡᠭᠦᠯᠵᠡᠢ | ᠃ | | |