| ᠬᠤᠷᠠᠭ᠎ᠠ ᠢᠰᠢᠭᠡ ᠪᠣᠰᠴᠤ ᠳᠡᠶᠢᠯᠬᠦ ᠦᠭᠡᠢ᠂ ᠲᠠᠮᠪᠠᠷᠠᠬᠤ᠂ ᠬᠦᠴᠦ ᠦᠭᠡᠢ ᠪᠣᠯᠬᠤ᠂ ᠦᠬᠦᠬᠦ ᠪᠠᠷ ᠭᠤᠣᠯ ᠰᠢᠨᠵᠢ ᠲᠡᠮᠳᠡᠭ ᠪᠣᠯᠭᠠᠳᠠᠭ ᠨᠢ ᠳᠣᠣᠷᠠᠬᠢ ᠮᠡᠲᠦ | ᠬᠡᠳᠦᠨ ᠲᠠᠯ᠎ᠠ ᠶᠢᠨ ᠰᠢᠯᠲᠠᠭᠠᠨ ᠲᠠᠢ ᠪᠠᠶᠢᠵᠤ ᠮᠡᠳᠡᠨ᠎ᠡ᠄ | ᠨᠢᠭᠡ᠂ ᠲᠡᠮᠦᠷ ᠲᠤᠳᠠᠭᠳᠠᠭᠰᠠᠨ ᠠᠴᠠ ᠪᠤᠯᠤᠭᠰᠠᠨ ᠴᠢᠰᠤ ᠳᠤᠲᠠᠬᠤ ᠭᠡᠮ᠄ | ᠲᠡᠮᠦᠷ ᠲᠤᠳᠠᠭᠳᠠᠭᠰᠠᠨ ᠠᠴᠠ ᠪᠤᠯᠵᠦ ᠴᠢᠰᠤ ᠳᠤᠲᠠᠬᠤ ᠭᠡᠮ ᠲᠤᠰᠤᠭᠰᠠᠨ ᠬᠤᠷᠠᠭ᠎ᠠ ᠢᠰᠢᠭᠡᠨ ᠤ ᠣᠯᠠᠩᠬᠢ ᠨᠢ ᠵᠣᠭᠰᠣᠵᠤ ᠳᠡᠶᠢᠯᠬᠦ ᠦᠭᠡᠢ ᠪᠤᠶᠤ | ᠬᠥᠬᠦᠵᠦ ᠳᠡᠶᠢᠯᠬᠦ ᠦᠭᠡᠢ᠂ ᠣᠯᠠᠩᠬᠢ ᠳᠠᠭᠠᠨ ᠬᠠᠷᠠᠭᠠᠨ ᠤ ᠰᠠᠯᠢᠰᠤᠲᠤ ᠪᠦᠷᠬᠦᠪᠴᠢ ᠬᠤᠵᠢᠢᠬᠤ᠂ ᠪᠡᠶ᠎ᠡ ᠨᠢ ᠡᠴᠡᠩᠬᠡᠢ ᠪᠣᠯᠬᠤ᠂ ᠴᠢᠰᠤ ᠰᠢᠩᠭᠡᠨ ᠪᠣᠯᠬᠤ᠂ ᠪᠦᠬᠦ | ᠪᠡᠶ᠎ᠡ ᠨᠢ ᠬᠠᠪᠤᠩᠨᠠᠬᠤ ᠵᠡᠷᠭᠡ ᠡᠪᠡᠳᠴᠢᠨ ᠤ ᠢᠯᠡᠷᠡᠯ ᠳᠠᠭᠠᠯᠳᠤᠳᠠᠭ᠃ | ᠬᠤᠶᠠᠷ᠂ ᠺᠠᠯᠼ ᠹᠣᠰᠹᠣᠷ ᠳᠤᠲᠠᠬᠤ ᠭᠡᠮ᠄ | ᠺᠠᠯᠼ ᠤᠨ ᠦᠢᠯᠡᠳᠦᠯ ᠨᠢ ᠪᠤᠯᠴᠢᠩ ᠤᠨ ᠴᠢᠩᠭᠠᠷᠠᠯᠲᠠ ᠶᠢ ᠪᠠᠲᠤᠯᠠᠳᠠᠭ ᠤᠴᠢᠷ ᠠᠴᠠ ᠴᠢᠰᠤᠨ ᠤ ᠺᠠᠯᠼ ᠳᠣᠣᠷ᠎ᠠ ᠪᠠᠶᠢᠳᠠᠯ ᠳᠤ ᠡᠪᠡᠳᠴᠢᠨ ᠲᠠᠢ ᠬᠤᠷᠠᠭ᠎ᠠ | ᠢᠰᠢᠭᠡᠨ ᠤ ᠶᠡᠷᠦᠩᠬᠡᠢ ᠢᠯᠡᠷᠡᠯ ᠨᠢ ᠲᠠᠮᠢᠷ ᠲᠡᠩᠬᠡᠭᠡ ᠮᠠᠭᠤᠳᠠᠬᠤ ᠳᠤ ᠣᠷᠣᠰᠢᠨ᠎ᠠ᠃ ᠡᠪᠡᠳᠴᠢᠨ ᠤ ᠡᠬᠢᠨ ᠤ ᠦᠶ᠎ᠡ ᠳᠤ ᠪᠦᠬᠦ ᠪᠡᠶ᠎ᠡ ᠪᠤᠬᠢᠨᠢᠳᠤᠵᠤ᠂ ᠢᠳᠡᠭᠡᠨ ᠤ | ᠳᠤᠷᠠᠰᠢᠯ ᠪᠠᠭᠠᠰᠴᠤ᠂ ᠬᠡᠪᠢᠬᠦ ᠪᠠᠨ ᠵᠣᠭᠰᠣᠵᠤ᠂ ᠬᠤᠶᠢᠲᠤ ᠮᠥᠴᠢ ᠨᠢ ᠰᠤᠯᠠ ᠳᠤᠷᠤᠢ᠂ ᠠᠯᠬᠤᠮ ᠨᠢ ᠲᠣᠭᠲᠠᠪᠤᠷᠢ ᠦᠭᠡᠢ᠂ ᠴᠢᠨᠠᠭᠰᠢᠯᠠᠪᠠᠯ ᠨᠠᠶᠢᠭᠤᠨ᠎ᠠ᠃ ᠵᠠᠷᠢᠮ | ᠬᠤᠷᠠᠭ᠎ᠠ ᠢᠰᠢᠭᠡ ᠨᠢ ᠨᠢᠷᠤᠭᠤ ᠪᠥᠬᠦ᠋ᠢᠨ ᠲᠣᠯᠣᠭᠠᠢ ᠪᠥᠬᠦ᠋ᠢᠵᠦ᠂ ᠲᠡᠨᠲᠦᠷ ᠮᠥᠨᠳᠥᠷ ᠠᠯᠬᠤᠯᠠᠵᠤ᠂ ᠠᠮᠢᠰᠬᠤᠯ ᠨᠢ ᠲᠦᠷᠭᠡᠰᠳᠡᠭ᠃ | ᠭᠤᠷᠪᠠ᠂ ᠰᠧᠯᠧᠨ ᠳᠤᠲᠠᠬᠤ ᠭᠡᠮ᠄ | ᠬᠤᠷᠠᠭ᠎ᠠ ᠢᠰᠢᠭᠡᠨ ᠤ ᠴᠠᠭᠠᠨ ᠪᠤᠯᠴᠢᠩ ᠤᠨ ᠡᠪᠡᠳᠴᠢᠨ ᠠᠴᠠ ᠪᠤᠯᠴᠢᠩ ᠤᠨ ᠬᠦᠴᠦ ᠲᠠᠮᠢᠷᠳᠠᠬᠤ ᠦᠵᠡᠭᠳᠡᠯ ᠭᠠᠷᠴᠤ᠂ ᠵᠠᠷᠢᠮ ᠦᠶ᠎ᠡ ᠳᠤ ᠣᠨᠴᠠ | ᠵᠠᠷᠢᠮ ᠨᠢ ᠴᠢᠴᠠᠭ᠎ᠠ ᠠᠯᠳᠠᠳᠠᠭ᠃ | ᠳᠥᠷᠪᠡ᠂ ᠵᠡᠰ ᠳᠤᠲᠠᠬᠤ ᠭᠡᠮ᠄ | ᠬᠤᠷᠠᠭ᠎ᠠ ᠢᠰᠢᠭᠡᠨ ᠤ ᠵᠡᠰ ᠳᠤᠲᠠᠬᠤ ᠭᠡᠮ ᠤᠨ ᠬᠠᠮᠤᠭ ᠨᠡᠶᠢᠲᠡᠯᠢᠭ ᠣᠨᠴᠠᠯᠢᠭ ᠪᠣᠯ ᠬᠥᠳᠡᠯᠭᠡᠭᠡᠨ ᠲᠡᠩᠴᠡᠭᠦᠷᠢ ᠪᠠᠨ ᠠᠯᠳᠠᠬᠤ ᠪᠠ ᠴᠢᠮᠦᠭᠡᠨ ᠳᠤᠭᠲᠤᠢ | ᠤᠨᠠᠬᠤ ᠦᠵᠡᠭᠳᠡᠯ ᠪᠣᠯᠣᠨ᠎ᠠ᠂ ᠡᠭᠦᠨ ᠢ ᠪᠠᠰᠠ ︽ᠨᠢᠷᠤᠭᠤ ᠰᠠᠵᠢᠯᠠᠬᠤ ᠡᠪᠡᠳᠴᠢᠨ︾ ᠭᠡᠳᠡᠭ᠃ ᠵᠡᠰ ᠪᠣᠯ ᠡᠰ ᠤᠨ ᠥᠩᠭᠡᠲᠦ ᠡᠳ᠋ ᠤᠨ ᠢᠰᠦᠯᠳᠦᠭᠦᠯᠬᠦ | ᠢᠰᠬᠡᠭᠦᠷ ᠤᠨ ᠳᠠᠭᠠᠯᠲᠠ ᠰᠠᠭᠤᠷᠢ ᠮᠥᠨ᠂ ᠵᠡᠰ ᠳᠤᠲᠠᠭᠳᠠᠪᠠᠯ ᠹᠣᠰᠹᠣᠷᠲᠤ ᠥᠭᠡᠬᠦ ᠶᠢᠨ ᠨᠡᠶᠢᠯᠡᠯᠭᠡ ᠶᠢ ᠬᠠᠷᠰᠢᠯᠠᠵᠤ᠂ ᠨᠤᠭᠤᠰᠤᠨ ᠹᠣᠰᠹᠣᠷᠲᠤ ᠥᠭᠡᠬᠦ ᠶᠢᠨ | ᠨᠡᠶᠢᠯᠡᠯᠭᠡ ᠶᠢ ᠴᠦ ᠬᠤᠷᠢᠭᠯᠠᠵᠤ᠂ ᠮᠡᠳᠡᠷᠡᠯ ᠤᠨ ᠰᠢᠰᠲ᠋ᠧᠮ ᠤᠨ ᠴᠢᠮᠦᠭᠡ ᠦᠭᠡᠶᠢᠳᠡᠭᠦᠯᠬᠦ ᠳᠤᠭᠲᠤᠢ ᠪᠠ ᠲᠠᠷᠢᠬᠢᠨ ᠡᠰ ᠤᠨ ᠰᠣᠯᠢᠯᠴᠠᠭ᠎ᠠ ᠶᠢ ᠬᠠᠷᠰᠢᠯᠠᠨ᠎ᠠ᠃ | ᠲᠠᠪᠤ᠂ ᠬᠤᠷᠠᠭ᠎ᠠ ᠢᠰᠢᠭᠡᠨ ᠤ ᠰᠦ ᠬᠤᠷᠠᠬᠤ ᠭᠡᠮ᠄ | ᠨᠢᠯᠬ᠎ᠠ ᠬᠤᠷᠠᠭ᠎ᠠ ᠢᠰᠢᠭᠡᠨ ᠤ ᠰᠦᠨ ᠤ ᠬᠤᠷᠠᠭ᠎ᠠ ᠶᠢ ᠪᠠᠰᠠ ᠵᠢᠩᠬᠢᠨᠢ ᠬᠤᠳᠣᠭᠤᠳᠤᠨ ᠤ ᠢᠳᠡᠰᠢ ᠬᠤᠳᠠᠮᠳᠤᠬᠤ ᠰᠦᠨ ᠬᠤᠷᠠᠬᠤ ᠭᠡᠮ ᠭᠡᠳᠡᠭ᠃ ᠡᠨᠡ ᠪᠣᠯ | ᠨᠢᠭᠡ ᠵᠦᠢᠯ ᠤᠨ ᠬᠠᠪᠤᠷ ᠤᠨ ᠬᠤᠷᠠᠭ᠎ᠠ ᠢᠰᠢᠭᠡᠨ ᠤ ᠨᠢᠭᠡ ᠵᠦᠢᠯ ᠤᠨ ᠦᠷᠭᠦᠯᠵᠢ ᠲᠣᠬᠢᠶᠠᠯᠳᠤᠳᠠᠭ ᠡᠪᠡᠳᠴᠢᠨ ᠪᠥᠭᠡᠳ ᠦᠬᠦᠬᠦ ᠨᠤᠷᠮ᠎ᠠ ᠨᠢ ᠥᠨᠳᠥᠷ ᠪᠠᠶᠢᠳᠠᠭ᠃ | ᠶᠡᠷᠦ ᠳᠡᠭᠡᠨ ᠲᠦᠷᠦᠭᠰᠡᠨ ᠤ ᠬᠤᠶᠠᠷ ᠡᠳᠦᠷ ᠤᠨ ᠣᠷᠴᠢᠮ ᠢᠶᠠᠷ ᠰᠦ ᠬᠤᠷᠠᠬᠤ ᠭᠡᠮ ᠭᠠᠷᠳᠠᠭ᠃ ᠡᠭᠦᠨ ᠤ ᠭᠤᠣᠯ ᠣᠨᠴᠠᠯᠢᠭ ᠨᠢ᠄ ᠡᠪᠡᠳᠴᠢᠨ ᠲᠠᠢ ᠬᠤᠷᠠᠭ᠎ᠠ | ᠢᠰᠢᠭᠡᠨ ᠤ ᠵᠢᠩᠬᠢᠨᠢ ᠬᠤᠳᠣᠭᠤᠳᠤᠨ ᠳᠤ ᠨᠡᠯᠢᠶᠡᠳ ᠶᠡᠭᠡ ᠮᠥᠷᠲᠡᠭᠡᠨ ᠬᠠᠲᠠᠭᠤ ᠡᠭᠡᠳᠡᠭᠰᠡᠨ ᠰᠦᠨ ᠤ ᠪᠥᠭᠡᠮᠨᠡᠷᠡᠯ ᠲᠠᠢ ᠪᠠᠶᠢᠳᠠᠭ᠃ | ᠵᠢᠷᠭᠤᠭ᠎ᠠ᠂ ᠬᠤᠷᠠᠭ᠎ᠠ ᠢᠰᠢᠭᠡᠨ ᠤ ᠬᠤᠣᠷᠳᠠᠯᠭ᠎ᠠ ᠶᠢᠨ ᠴᠢᠨᠠᠷᠲᠠᠢ ᠰᠢᠩᠭᠡᠭᠡᠯᠲᠡ ᠮᠠᠭᠤ᠄ | ᠲᠤᠰ ᠡᠪᠡᠳᠴᠢᠨ ᠪᠣᠯ ᠰᠠᠶ᠋ᠢ ᠲᠥᠷᠥᠭᠰᠡᠨ ᠬᠤᠷᠠᠭ᠎ᠠ ᠶᠢᠨ ᠬᠥᠬᠦᠭᠦᠯᠵᠦ ᠪᠠᠶᠢᠭ᠎ᠠ ᠬᠤᠭᠤᠴᠠᠭᠠᠨ ᠳᠠᠬᠢ ᠦᠷᠭᠦᠯᠵᠢ ᠡᠭᠦᠰᠳᠡᠭ ᠡᠪᠡᠳᠴᠢᠨ ᠮᠥᠨ᠂ | ᠬᠤᠷᠠᠭ᠎ᠠ ᠶᠢᠨ ᠰᠢᠩᠭᠡᠭᠡᠯᠲᠡ ᠶᠢᠨ ᠡᠷᠬᠡᠲᠡᠨ ᠨᠢ ᠭᠦᠢᠴᠡᠳ ᠪᠤᠶᠢᠵᠢᠵᠤ ᠳᠡᠶᠢᠯᠦᠭᠡ ᠦᠭᠡᠢ ᠤᠴᠢᠷ ᠠᠴᠠ ᠬᠠᠮᠤᠭ ᠤᠨ ᠠᠮᠠᠷᠬᠠᠨ ᠡᠪᠡᠳᠴᠢᠯᠡᠳᠡᠭ᠃ ᠬᠤᠷᠠᠭ᠎ᠠ | ᠢᠰᠢᠭᠡᠨ ᠤ ᠬᠤᠣᠷᠳᠠᠯᠭ᠎ᠠ ᠶᠢᠨ ᠴᠢᠨᠠᠷᠲᠠᠢ ᠰᠢᠩᠭᠡᠭᠡᠯᠲᠡ ᠮᠠᠭᠤᠳᠠᠭᠰᠠᠨ ᠤ ᠣᠯᠠᠩᠬᠢ ᠨᠢ ᠥᠷᠥᠭᠡᠰᠦᠯ ᠴᠢᠨᠠᠷᠲᠠᠢ ᠰᠢᠩᠭᠡᠭᠡᠯᠲᠡ ᠮᠠᠭᠤ᠂ ᠴᠠᠭ ᠲᠤᠬᠠᠢ ᠳᠤ ᠨᠢ ᠡᠮᠨᠡᠨ | ᠵᠠᠰᠠᠭᠰᠠᠨ ᠦᠭᠡᠢ ᠠᠴᠠ ᠪᠣᠯᠤᠭᠰᠠᠨ ᠶᠤᠮ᠂ ᠬᠤᠳᠣᠭᠤᠳᠤ ᠭᠡᠳᠡᠰᠦᠨ ᠤ ᠳᠣᠲᠣᠷᠠᠬᠢ ᠪᠣᠳᠠᠰ ᠤᠨ ᠢᠰᠬᠡᠯᠲᠡ ᠪᠠ ᠢᠯᠵᠢᠷᠡᠯ ᠵᠠᠳᠠᠷᠠᠯ ᠤᠨ ᠪᠦᠲᠦᠭᠡᠭᠳᠡᠬᠦᠨ ᠨᠢ | ᠰᠢᠩᠭᠡᠭᠡᠭᠳᠡᠵᠦ᠂ ᠲᠦᠷᠭᠡᠨ ᠴᠢᠨᠠᠷᠲᠠᠢ ᠪᠤᠶᠤ ᠤᠳᠠᠭᠠᠨ ᠴᠢᠨᠠᠷᠲᠠᠢ ᠬᠤᠣᠷᠳᠠᠯᠭ᠎ᠠ ᠡᠭᠦᠰᠬᠡᠳᠡᠭ᠃ | |