ᠬᠤᠯᠪᠤᠭᠠᠯᠵᠢ ᠶᠢᠨ ᠤᠪᠤᠭ᠎ᠠ ᠶᠢ ᠴᠤᠬᠤᠮ ᠬᠡᠵᠢᠶ᠎ᠠ ᠪᠤᠰᠬᠠᠭᠰᠠᠨ ᠪᠤᠯ︖
ᠨᠡᠶᠢᠲᠡᠯᠡᠭᠰᠡᠨ ᠴᠠᠭ᠄
2023/9/18
     ᠦᠥᠰᠢᠨ ᠬᠤᠰᠢᠭᠤᠨ ᠤ ᠬᠠᠷᠢᠶᠠᠳᠤ ᠨᠤᠳᠤᠭ ᠳᠤᠳᠤᠷ᠎ᠠ ︽ᠬᠤᠯᠪᠤᠭᠠᠯᠵᠢ︾ ᠭᠡᠰᠡᠨ ᠭᠠᠵᠠᠷ ᠡᠳᠥᠭᠡ ᠬᠤᠶᠠᠷ ᠪᠠᠶᠢᠨ᠎ᠠ᠃ ᠨᠢᠭᠡ ᠨᠢ ᠡᠳᠥᠭᠡ ᠶᠢᠨ ᠦᠥᠰᠢᠨᠵᠤᠤ ᠪᠠᠯᠭᠠᠰᠤᠨ ᠤ ᠬᠤᠯᠪᠤᠭᠠᠯᠵᠢ ᠳᠤᠰᠬᠤᠨ ᠳᠤ ᠪᠠᠶᠢᠵᠤ᠂ ᠶᠠᠷᠤ ᠳᠡᠭᠡᠨ ︽ᠡᠮᠡᠭᠡᠯ ᠬᠤᠯᠪᠤᠭᠠᠯᠵᠢ︾ ᠭᠡᠮᠡᠨ ᠨᠡᠷᠡᠯᠡᠭᠳᠡᠵᠤ ᠪᠠᠶᠢᠨ᠎ᠠ᠃ ᠨᠦᠬᠦᠭᠡ ᠨᠢᠭᠡ ᠨᠢ ᠡᠳᠥᠭᠡ ᠶᠢᠨ ᠭᠠᠯᠠᠭᠤᠳᠤ ᠪᠠᠯᠭᠠᠰᠤᠨ ᠤ ᠰᠠᠷᠠᠭᠤᠯᠨᠤᠳᠤᠭ ᠭᠠᠴᠠᠭᠠᠨ ᠳᠤ ᠤᠷᠤᠰᠢᠵᠤ᠂ ᠶᠠᠷᠤ ᠳᠡᠭᠡᠨ ︽ᠬᠦᠬᠡᠭᠡᠬᠦᠯ ᠬᠤᠯᠪᠤᠭᠠᠯᠵᠢ︾ ᠭᠡᠵᠤ ᠳᠠᠭᠤᠳᠠᠭᠳᠠᠳᠠᠭ᠃ ᠡᠬᠦᠨ ᠠᠴᠠ ᠭᠠᠳᠠᠨ᠎ᠠ ᠤᠤᠯ ᠤᠨ ᠦᠥᠰᠢᠨ ᠨᠤᠳᠤᠭ᠂ ᠤᠳᠤ ᠶᠢᠨ ᠱᠠᠨᠰᠢ ᠮᠤᠵᠢ ᠶᠢᠨ ᠳᠡᠮᠡᠭᠡᠳᠤ ᠳᠤᠭᠤᠷᠢᠭ ᠲᠠᠬᠢ ᠪᠠᠭ᠎ᠠ ᠴᠢᠴᠠᠷᠭᠠᠨ᠎ᠠ ᠰᠢᠶᠠᠩ ᠤᠨ ᠬᠦᠭᠡ ᠡᠷᠬᠢ ᠶᠢᠨ ᠤᠪᠤᠭ᠎ᠠ ᠳᠤᠰᠬᠤᠨ ᠳᠤ ᠪᠠᠰᠠ ᠨᠢᠭᠡ ᠬᠤᠯᠪᠤᠭᠠᠯᠵᠢ ᠪᠠᠶᠢᠳᠠᠭ ᠢ ᠳᠡᠥᠭᠡᠨ ᠳᠡᠭᠡᠷ᠎ᠡ ︽ᠵᠠᠯᠠᠭ᠎ᠠ ᠬᠤᠯᠪᠤᠭᠠᠯᠵᠢ︾ ᠭᠡᠮᠡᠨ ᠨᠡᠷᠡᠯᠡᠭᠰᠡᠭᠡᠷ ᠢᠷᠡᠵᠡᠢ᠃ ᠡᠨᠡ ᠭᠤᠷᠪᠠᠨ ᠬᠤᠯᠪᠤᠭᠠᠯᠵᠢ ᠶᠢᠨ ᠦᠨᠳᠦᠷᠯᠢᠭ ᠳᠡᠭᠡᠷ᠎ᠡ ᠪᠦᠷ ᠤᠪᠤᠭ᠎ᠠ ᠲᠠᠢ ᠪᠠᠶᠢᠳᠠᠭ ᠴᠦ ︽ᠡᠮᠡᠭᠡᠯ ᠬᠤᠯᠪᠤᠭᠠᠯᠵᠢ︾ ᠶᠢᠨ ᠤᠷᠤᠢ ᠳᠡᠭᠡᠷᠡᠬᠢ ᠤᠪᠤᠭ᠎ᠠ ᠶᠢ ᠭᠡᠨ᠂ ᠭᠡᠵᠢᠶ᠎ᠡ ᠬᠡᠷᠬᠢᠨ ᠪᠠᠶᠢᠭᠤᠯᠤᠭᠰᠠᠨ ᠳᠤᠬᠠᠢ ᠮᠡᠳᠡᠭᠡᠯᠡᠯ ᠲᠠᠢ ᠪᠠᠶᠢᠳᠠᠭ ᠢ ᠭᠠᠷᠭᠠᠪᠠᠯ ᠨᠦᠬᠦᠭᠡ ᠬᠤᠶᠠᠷ ᠭᠠᠵᠠᠷ ᠲᠠᠬᠢ ᠤᠪᠤᠭᠠᠨ ᠳᠤᠬᠠᠢ ᠶᠠᠮᠠᠷ ᠴᠦ ᠰᠤᠷᠠᠭ ᠰᠦᠪᠡᠭᠴᠢ ᠤᠯᠤᠭᠰᠠᠨ ᠦᠭᠡᠢ᠃ ᠳᠤᠤᠷ᠎ᠠ ︽ᠬᠤᠯᠪᠤᠭᠠᠯᠵᠢ ︾ ᠭᠡᠭᠦ ᠦᠭᠡ ᠶᠢᠨ  ᠤᠳᠬ᠎ᠠ᠂ ᠬᠤᠯᠪᠤᠭᠠᠯᠵᠢ ᠶᠢᠨ ᠤᠪᠤᠭ᠎ᠠ ᠶᠢ ᠪᠤᠰᠬᠠᠭᠰᠠᠨ ᠳᠤᠬᠠᠢ ᠪᠢᠴᠢᠭ ᠳᠠᠩᠰᠠᠨ ᠳᠤ ᠰᠠᠭᠤᠷᠢᠯᠠᠵᠤ ᠳᠦᠬᠦᠮ ᠳᠠᠨᠢᠯᠴᠠᠭᠤᠯᠤᠶ᠎ᠠ᠃      ᠬᠤᠶᠢᠨ᠎ᠠ ᠡᠮᠥᠨ᠎ᠡ ᠪᠤᠶᠤ ᠵᠡᠬᠦᠨᠳᠡᠢ ᠪᠠᠷᠠᠭᠤᠨᠳᠠᠢ ᠤᠶᠢᠷᠠᠯᠴᠠᠭ᠎ᠠ ᠤᠷᠤᠰᠢᠭᠰᠠᠨ ᠠᠳᠠᠯᠢᠬᠠᠨ ᠪᠦᠳᠥᠴᠡ ᠲᠠᠢ ᠬᠤᠶᠠᠷ ᠦᠨᠳᠦᠷᠯᠢᠭ ᠭᠠᠵᠠᠷ ᠢ ︽ᠬᠤᠯᠪᠤᠭᠠᠯᠵᠢ︾ ᠭᠡᠮᠡᠨ ᠨᠡᠷᠡᠯᠡᠳᠡᠭ ᠶᠤᠮ ᠪᠠᠶᠢᠨ᠎ᠠ᠃ ᠠᠳᠠᠯᠢ ᠪᠦᠳᠥᠴᠡ ᠭᠡᠯᠪᠡᠷᠢ ᠲᠠᠢ ᠬᠤᠶᠠᠷ ᠭᠠᠵᠠᠷ ᠢ ᠮᠤᠩᠭᠤᠯᠴᠤᠳ ︽ᠬᠤᠯᠪᠤᠭᠠᠯᠵᠢ︾ ᠭᠡᠮᠡᠨ ᠨᠡᠷᠡᠯᠡᠬᠦ ᠠᠴᠠ ᠭᠠᠳᠠᠨ᠎ᠠ ᠪᠠᠰᠠ ︽ᠬᠤᠶᠠᠷ᠂ ᠢᠭᠡᠷ᠎ᠡ᠂ ᠳᠠᠪᠬᠤᠷ᠂ ᠪᠦᠭᠡᠷ᠎ᠡ︾ ᠭᠡᠭᠦᠴᠢᠯᠡᠨ ᠳᠡᠮᠳᠡᠭ ᠨᠠᠷ᠎ᠠ ᠤᠨᠤᠭᠠᠳᠠᠭ ᠪᠤᠯᠪᠠᠴᠤ ︽ᠬᠤᠤᠰ︾ ᠬᠡᠬᠦ ᠳᠡᠮᠳᠡᠭ ᠨᠠᠷ᠎ᠠ ᠤᠨᠤᠭᠠᠳᠠᠭ ᠦᠭᠡᠢ ᠶᠤᠮ ᠪᠠᠶᠢᠨ᠎ᠠ᠃ ᠡᠶᠢᠮᠥ ᠨᠡᠷᠡᠰ ᠠᠴᠠ ᠵᠢᠱᠢᠶᠠᠯᠠᠪᠠᠯ᠄ ᠢᠭᠡᠷ᠎ᠡ ᠪᠠᠭᠪᠠᠢ᠂ ᠢᠭᠡᠷ᠎ᠡ ᠴᠠᠶᠢᠳᠠᠮ᠂ ᠢᠭᠡᠷ᠎ᠡ ᠳᠤᠯᠤᠭᠠᠢ᠂ ᠬᠤᠶᠠᠷ ᠳᠦᠯᠡᠩᠬᠡᠢ᠂ ᠬᠤᠶᠠᠷ ᠰᠤᠪᠠᠭ᠂ ᠬᠤᠶᠠᠷ ᠮᠠᠩᠬ᠎ᠠ᠂ ᠪᠦᠭᠡᠷ᠎ᠡ ᠶᠢᠨ ᠴᠠᠶᠢᠳᠠᠮ᠂ ᠳᠠᠪᠬᠤᠷ ᠰᠢᠯᠢ᠂ ᠬᠠᠯᠵᠠᠨ ᠳᠠᠪᠬᠤᠷ᠂ ᠳᠠᠪᠬᠤᠷ ᠪᠠᠶᠠᠰᠬᠤᠯᠠᠩᠳᠤ ᠭᠡᠭᠦ ᠮᠠᠳᠤ ᠮᠠᠰᠢ ᠤᠯᠠᠨ ᠪᠠᠶᠢᠳᠠᠭ᠃ ᠡᠳᠡᠭᠡᠷ ᠤᠨ ᠳᠤᠳᠤᠷ᠎ᠠ ︽ᠳᠠᠪᠬᠤᠷ︾ ᠭᠡᠭᠴᠢ ᠨᠢ ᠶᠠᠷᠤ ᠳᠡᠭᠡᠨ ᠭᠠᠵᠠᠷ ᠤᠨ ᠭᠠᠳᠠᠷᠭᠤ ᠶᠢᠨ ᠤᠪᠤᠭᠠᠷᠠᠯ ᠤᠨ ᠦᠢᠯᠡᠴᠢᠯᠡᠭᠡ ᠠᠴᠠ ᠡᠬᠦᠰᠳᠡᠭ᠃ ᠬᠤᠯᠪᠤᠭᠠᠯᠵᠢ ᠭᠡᠭᠴᠢ ᠨᠢ ᠭᠠᠵᠠᠷ ᠤᠨ ᠭᠠᠳᠠᠷᠭᠤ ᠶᠢᠨ ᠤᠪᠤᠭᠠᠷᠠᠯ ᠪᠤᠶᠤ ᠠᠳᠤᠷᠢᠶᠠᠳᠤᠯ ᠠᠴᠠ ᠡᠬᠦᠰᠤᠨ᠎ᠠ᠃ ︽ᠬᠤᠶᠠᠷ︾ ᠭᠡᠳᠡᠭ ᠨᠢ ᠬᠦᠮᠥᠨ ᠵᠦᠢ ᠶᠢᠨ ᠠᠵᠢᠯᠯᠠᠭ᠎ᠠ ᠶᠢᠨ ᠦᠷ᠎ᠡ ᠳ᠋ᠦᠩ᠂ ᠡᠰᠡᠭᠦᠯ᠎ᠡ ᠤᠪᠤᠭᠠᠷᠠᠯ ᠤᠨ ᠦᠢᠯᠡᠴᠢᠯᠡᠭᠡ᠂ ᠢᠳᠡᠭᠳᠡᠯ ᠤᠨ ᠦᠢᠯᠡᠴᠢᠯᠡᠭᠡ ᠠᠴᠠ ᠴᠦᠮ ᠡᠬᠦᠰᠴᠤ ᠪᠤᠯᠤᠨ᠎ᠠ᠃ ︽ᠢᠭᠡᠷ᠎ᠡ︾ ᠨᠢ ᠮᠥᠨ ᠬᠦᠮᠥᠨ ᠵᠦᠢ ᠶᠢᠨ ᠠᠵᠢᠯᠯᠠᠭ᠎ᠠ ᠶᠢᠨ ᠦᠷ᠎ᠡ ᠳ᠋ᠦᠩ ᠪᠤᠶᠤ ᠭᠠᠵᠠᠷ ᠤᠨ ᠭᠠᠳᠠᠷᠭᠤ ᠶᠢᠨ ᠰᠠᠭᠤᠭᠳᠠᠯ ᠤᠨ ᠦᠷ᠎ᠡ ᠨᠦᠯᠦᠭᠡ ᠪᠠᠷ ᠡᠬᠦᠰᠳᠡᠭ ᠶᠤᠮ ᠪᠠᠶᠢᠨ᠎ᠠ᠃ ︽ᠪᠦᠭᠡᠷ᠎ᠡ︾ ᠭᠡᠳᠡᠭ ᠨᠢ ᠮᠥᠨ ᠭᠠᠵᠠᠷ ᠤᠨ ᠭᠠᠳᠠᠷᠭᠤ ᠶᠢᠨ ᠰᠠᠭᠤᠭᠳᠠᠯ ᠤᠨ ᠦᠷ᠎ᠡ ᠳ᠋ᠦᠩ ᠳᠤ ᠡᠬᠦᠰᠳᠡᠭ ᠠᠵᠢ᠃      ︽ᠬᠠᠩᠭᠢᠨ ᠬᠤᠰᠢᠭᠤᠨ ᠤ ᠵᠠᠰᠠᠭ ᠶᠠᠮᠤᠨ ᠤ ᠳᠠᠩᠰᠠ︾ ᠨᠤᠮ ᠤᠨ ᠳᠠᠪᠢᠨ ᠳᠠᠪᠤᠳᠤᠭᠠᠷ ᠪᠤᠳᠢ ᠶᠢᠨ 358 ᠳ᠋ᠤᠭᠠᠷ ᠳᠠᠩᠰᠠ᠂ 374 ᠳ᠋ᠤᠭᠡᠷ ᠳᠠᠩᠰᠠᠨ ᠳᠤ ︽ᠬᠤᠯᠪᠤᠭᠠᠯᠵᠢ ᠶᠢᠨ ᠤᠪᠤᠭ᠎ᠠ︾ ᠶᠢ ᠭᠡᠨ᠂ ᠭᠡᠵᠢᠶ᠎ᠡ ᠪᠤᠰᠬᠠᠭᠰᠠᠨ᠂ ᠶᠠᠮᠠᠷ ᠨᠦᠯᠦᠭᠡ ᠳᠤᠰᠬᠠᠯ ᠭᠠᠷᠤᠭᠰᠠᠨ ᠳᠤᠬᠠᠢ ᠳᠡᠮᠳᠡᠭᠯᠡᠵᠤ ᠪᠠᠶᠢᠨ᠎ᠠ᠄      ᠬᠠᠩᠭᠢᠨ ᠬᠤᠰᠢᠭᠤᠨ ᠤ ᠮᠠᠶᠢᠷᠠᠨ ᠤ ᠵᠠᠩᠭᠢ ᠵᠠᠨᠳᠠᠵᠠᠪ᠂ ᠬᠠᠷᠢᠶᠠᠳᠤ ᠵᠠᠰᠠᠭ ᠤᠨ ᠶᠠᠮᠤᠨ ᠳᠠᠭᠠᠨ ᠰᠠᠶᠢᠨᠳᠠᠢ ᠶᠢ ᠢᠪᠡᠭᠡᠭᠰᠡᠨ ︽ᠬᠠᠷ᠎ᠠ ᠵᠠᠭᠠᠷᠠᠭ ᠤᠨ ᠰᠦᠮ᠎ᠡ︾ ᠶᠢᠨ ᠳᠦᠷᠪᠡᠨ ᠷᠠᠰᠠᠩ ᠤᠨ ᠰᠤᠬᠳᠤᠶᠢᠪᠡ ︵ᠰᠤᠭᠤᠳᠦ᠋ᠢᠪᠠ︶ ᠨᠠᠷ ᠤᠨ ᠡᠷᠬᠦᠨ ᠮᠡᠳᠡᠭᠦᠯᠦᠭᠰᠡᠨ ᠡᠷᠬᠦᠯᠳᠡ ᠶᠢ ᠤᠯᠠᠮᠵᠢᠯᠠᠬᠤ ᠳᠠᠭᠠᠨ᠄ ︽᠁ ᠤᠷᠢᠳᠠ ᠴᠠᠭ ᠠᠴᠠ ᠢᠨᠠᠷᠠᠤ ᠮᠠᠨ ᠤ ᠡᠨᠡ ᠭᠡᠶᠢᠳ ᠤᠨ ᠪᠠᠷᠠᠭᠤᠨ ᠡᠮᠥᠨᠡᠳᠤ ᠵᠦᠭ ᠲᠤᠷ ᠬᠠᠷᠰᠢᠯᠠᠬᠤ ᠵᠡᠷᠭᠡᠯᠡᠳᠡᠭᠡ ᠬᠤᠶᠠᠷ ᠦᠨᠳᠥᠷ ᠳᠤᠯᠤᠭᠠᠢ ᠪᠤᠢ᠂ ᠳᠡᠷᠡ ᠪᠤᠯᠪᠠᠰᠤ ᠭᠠᠵᠠᠷ ᠤᠨ ᠰᠠᠷᠠ ᠮᠥᠨ᠂ ᠬᠠᠷ᠎ᠠ ᠵᠦᠭ ᠤᠨ ᠳᠤᠭᠰᠢᠨ ᠯᠤᠤᠰ ᠡᠵᠡᠯᠡᠭᠰᠡᠨ ᠢᠶᠠᠷ ᠱᠠᠵᠢᠨ ᠳᠤᠷ ᠬᠤᠤᠷᠳᠠᠢ ᠭᠡᠮᠡᠨ ᠁ ᠴᠠᠭ ᠴᠠᠭ ᠤᠨ ᠶᠡᠭᠡ ᠬᠤᠷᠠᠯ ᠤᠨ ᠰᠤᠤᠷ ᠢ ᠳᠠᠶᠢᠨ ᠭᠦ ᠬᠤᠶᠠᠷ ᠤᠷᠤᠢ ᠳᠤ ᠵᠤᠷᠢᠨ ᠦᠢᠯᠡᠳᠴᠤ ᠶᠠᠪᠤᠭᠰᠠᠨ ᠢᠶᠠᠷ ᠦᠯᠵᠡᠶᠢᠳᠡᠢ ᠰᠠᠶᠢᠨ ᠪᠠᠶᠢᠭᠰᠠᠨ ᠪᠢᠯᠠ᠂ ᠳᠠᠶᠢᠨ ᠠᠳᠠᠯ᠎ᠠ ᠭᠡᠨᠡᠳᠳᠡ ᠳᠡᠷᠡ ᠤᠷᠤᠢ ᠳᠡᠭᠡᠷ᠎ᠡ ᠤᠪᠤᠭ᠎ᠠ ᠪᠤᠰᠬᠠᠬᠤ ᠪᠠᠷ ᠮᠠᠨ ᠤ ᠬᠡᠶᠢᠳ ᠤᠨ ᠱᠠᠪᠢ᠂ ᠦᠥᠰᠢᠨ ᠬᠤᠰᠢᠭᠤᠨ ᠤ ᠳᠦᠪᠳᠡᠨ ᠤ ᠪᠠᠶ᠎ᠠ ᠰᠢᠮᠳᠠᠵᠤ ᠶᠠᠪᠤᠬᠤ ᠶᠢ ᠮᠠᠨ ᠤ ᠶᠡᠭᠡ ᠪᠠᠭᠰᠢᠳᠠᠨ ᠠᠮᠳᠤᠤ ᠶᠢᠨ ᠵᠦᠭ ᠮᠤᠷᠢᠯᠠᠬᠤ ᠶᠢᠨ ᠵᠠᠮ ᠵᠠᠭᠤᠷ᠎ᠠ ᠠᠭᠤᠯᠵᠠᠵᠤ ᠤᠪᠤᠭ᠎ᠠ ᠪᠤᠰᠬᠠᠬᠤ ᠵᠦᠢᠯ ᠢ ᠰᠤᠨᠤᠰᠴᠤ ᠮᠠᠳᠡᠮᠡᠭᠴᠡ ᠳᠠᠶᠢᠨ ᠭᠦ ᠬᠤᠤᠷᠯᠠᠯᠳᠠᠢ ᠪᠠᠶᠢᠳᠠᠭ ᠭᠠᠵᠠᠷ᠎ᠠ ᠨᠠᠮᠠᠨ ᠤᠪᠤᠭ᠎ᠠ ᠪᠤᠰᠬᠠᠪᠠᠰᠤ ᠶᠠᠷᠤ ᠭᠡᠨ ᠮᠠᠭᠤ ᠪᠤᠯᠬᠤ ᠤᠴᠢᠷ ᠢ ᠤᠬᠠᠭᠤᠯᠤᠨ ᠭᠡᠯᠡᠵᠤ ᠢᠳᠬᠠᠨ ᠬᠤᠷᠢᠭᠯᠠᠭᠰᠠᠨ ᠁ ᠢ ᠦᠯᠥ ᠤᠶᠢᠰᠢᠶᠠᠨ ᠪᠠᠳᠠᠷᠠᠭᠤᠯᠳᠤ ᠳᠦᠷᠥ ᠶᠢᠨ ᠭᠤᠴᠢᠨ ᠬᠤᠶᠠᠳᠤᠭᠠᠷ ᠤᠨ ᠳᠤ ᠁ ᠰᠡᠵᠢᠭᠳᠦ ᠭᠠᠵᠠᠷ᠎ᠠ ᠤᠪᠤᠭ᠎ᠠ ᠪᠤᠰᠬᠠᠵᠤ᠂ ᠬᠠᠷ᠎ᠠ ᠵᠦᠭ ᠤᠨ ᠬᠦᠴᠥᠳᠡᠨ ᠳᠤᠷ ᠨᠠᠩ ᠦᠯᠠᠮᠵᠢ ᠬᠦᠴᠥᠨ ᠦᠮᠥᠭ  ᠨᠡᠮᠡᠭᠳᠡᠭᠦᠯᠦᠭᠰᠡᠨ ᠠᠴᠠ ᠁ ᠶᠡᠭᠡᠯ᠎ᠡ ᠢᠯᠡᠷᠭᠡᠢ ᠬᠠᠷᠰᠢᠯᠠᠯᠳᠠᠢ ᠪᠤᠯᠤᠭᠰᠠᠨ ᠤᠴᠢᠷ ᠲᠤ ᠬᠤᠶᠠᠷ ᠬᠤᠰᠢᠭᠤᠨ ᠤ ᠨᠤᠶᠠᠳ ᠳᠦᠰᠢᠮᠡᠳ ᠨᠠᠷ ᠲᠤ ᠁ ᠭᠤᠶᠤᠨ ᠠᠶᠢᠯᠠᠳᠬᠠᠭᠰᠠᠭᠠᠷ ᠪᠠᠶᠢᠭᠰᠠᠨ ᠁︾ ᠭᠡᠰᠡᠨ ᠠᠴᠠ ᠡᠨᠡ ᠤᠪᠤᠭ᠎ᠠ ᠶᠢ ᠵᠠᠭᠠᠷᠠᠭ ᠤᠨ ᠰᠦᠮ᠎ᠡ ᠶᠢᠨ ᠱᠠᠪᠢ᠂ ᠦᠥᠰᠢᠨ ᠬᠤᠰᠢᠭᠤᠨ ᠤ ᠳᠦᠪᠳᠡᠨ ᠭᠡᠭᠴᠢ ᠯᠠᠮᠠ ᠳᠡᠷᠢᠬᠦᠯᠡᠨ ᠪᠠᠶᠢᠭᠤᠯᠤᠭᠰᠠᠨ ᠢ ᠮᠡᠳᠡᠵᠤ ᠪᠤᠯᠤᠨ᠎ᠠ᠃      ᠵᠠᠭᠠᠷᠠᠭ ᠤᠨ ᠰᠦᠮ᠎ᠡ ᠶᠢᠨ ᠰᠤᠬᠳᠦ᠋ᠢᠪᠠ ᠨᠠᠷ ᠤᠨ ᠳᠠᠬᠢᠨ ᠳᠠᠪᠳᠠᠨ ᠮᠡᠳᠡᠭᠦᠯᠦᠭᠰᠡᠨ ᠤ ᠤᠯᠠᠮ ᠠᠴᠠ ᠡᠨᠡ ᠤᠪᠤᠭ᠎ᠠ ᠶᠢ ᠨᠢᠭᠡ ᠤᠳᠠᠭ᠎ᠠ ᠵᠡᠬᠦᠨ ᠡᠮᠥᠨᠡᠰᠢ ᠰᠢᠯᠵᠢᠬᠦᠯᠵᠥ ᠦᠩᠭᠡᠷᠡᠵᠡᠢ᠃ ᠡᠨᠡ ᠳᠤᠬᠠᠢ ︽᠁ ᠤᠷᠢᠳᠠ ᠪᠠᠰᠠ ᠨᠢᠭᠡᠨ ᠤᠳᠠᠭ᠎ᠠ ᠬᠤᠯᠪᠤᠯᠵᠢ ᠶᠢᠨ ᠵᠡᠬᠦᠨ ᠡᠮᠥᠨᠡᠳᠤ ᠬᠠᠵᠠᠭᠤ ᠳᠤᠷ ᠮᠥᠨ ᠡᠨᠡ ᠮᠠᠳᠤ ᠤᠶᠢᠷ᠎ᠠ ᠨᠢᠭᠡᠨ ᠤᠳᠠᠭ᠎ᠠ ᠳᠠᠪᠰᠢᠬᠦᠯᠵᠤ ᠪᠠᠶᠢᠭᠠᠳ᠂ ᠳᠠᠷᠤᠢ ᠳᠤᠷ ᠪᠤᠴᠠᠭᠠᠨ ᠪᠤᠰᠬᠠᠭᠰᠠᠨ ᠶᠠᠪᠤᠳᠠᠯ ᠪᠠᠶᠢᠬᠤ ᠳᠤᠯᠠ ᠡᠨᠡᠴᠤ ᠳᠡᠷᠡ ᠮᠡᠳᠤ ᠪᠤᠯᠬᠤ ᠶᠢ ᠦᠭᠡᠢ ᠳᠤᠷ ᠪᠠᠷᠢᠮᠳᠠᠯᠠᠨ ᠰᠠᠨᠠᠵᠤ ᠴᠢᠳᠠᠬᠤ ᠦᠭᠡᠢ ᠪᠤᠯᠠᠢ︾ ᠭᠡᠵᠤ ᠪᠢᠴᠢᠵᠤ ᠪᠠᠶᠢᠨ᠎ᠠ᠃      ᠬᠤᠯᠪᠤᠭᠠᠯᠵᠢ ᠶᠢᠨ ᠤᠷᠤᠢ ᠳᠡᠭᠡᠷ᠎ᠡ ᠤᠪᠤᠭ᠎ᠠ ᠪᠤᠰᠬᠠᠭᠰᠠᠨ ᠠᠴᠠ ᠰᠢᠯᠳᠠᠵᠤ ᠰᠠᠶᠢᠨᠳᠠᠢ ᠶᠢ ᠢᠪᠡᠭᠡᠭᠰᠡᠨ ᠭᠡᠮᠡᠬᠦ ᠵᠠᠭᠠᠷᠠᠭ ᠤᠨ ᠰᠦᠮ᠎ᠡ ᠶᠢᠨ ᠰᠤᠬᠳᠦ᠋ᠢᠪᠠ ᠠᠴᠠ ᠬᠤᠰᠢᠭᠤᠨ ᠤ ᠪᠠᠨ ᠵᠠᠰᠠᠭ ᠲᠤ ᠡᠷᠭᠦᠯᠳᠡ ᠡᠷᠬᠦᠭᠰᠡᠨ ᠢᠶᠠᠷ ᠬᠤᠰᠢᠭᠤ ᠶᠠᠮᠤᠨ ᠨᠢ ᠦᠥᠰᠢᠨ ᠬᠤᠰᠢᠭᠤ ᠲᠠᠢ ᠠᠯᠪᠠ ᠬᠠᠷᠢᠯᠴᠠᠵᠤ᠂ ᠤᠪᠤᠭ᠎ᠠ ᠶᠢ ᠰᠢᠯᠵᠢᠬᠦᠯᠭᠦ ᠪᠠᠷ ᠱᠠᠭᠠᠷᠳᠠᠵᠠᠢ᠃ ᠡᠨᠡ ᠳᠤᠬᠠᠢ ᠳᠠᠩᠰᠨ ᠪᠢᠴᠢᠭ ᠳᠡᠭᠡᠷ᠎ᠡ᠄ ︽᠁ ᠪᠠᠳᠠᠷᠠᠭᠤᠯᠳᠤ ᠳᠦᠷᠥ ᠶᠢᠨ ᠭᠤᠴᠢᠨ ᠬᠤᠶᠠᠳᠤᠭᠠᠷ ᠤᠨ ᠳᠤ ᠶᠡᠭᠡ ᠪᠠᠭᠰᠢ ᠪᠠᠷᠠᠭᠤᠨᠰᠢ ᠮᠤᠷᠢᠯᠠᠭᠰᠠᠨ ᠴᠢᠯᠦᠭᠡᠨ ᠳᠤᠷ ᠮᠥᠨ ᠰᠡᠵᠢᠭᠳᠦ ᠭᠠᠵᠠᠷ᠎ᠠ ᠤᠪᠤᠭ᠎ᠠ ᠪᠤᠰᠬᠠᠵᠤ ᠬᠠᠷ᠎ᠠ ᠵᠦᠭ ᠤᠨ ᠬᠦᠴᠥᠳᠡᠨ ᠳᠤᠷ ᠨᠠᠩ ᠦᠯᠠᠮᠵᠢ ᠬᠦᠴᠥᠨ ᠦᠮᠥᠭ ᠨᠡᠮᠡᠭᠳᠡᠭᠦᠯᠦᠭᠰᠡᠨ ᠦᠶ᠎ᠡ ᠠᠴᠠ ᠡᠬᠢᠯᠡᠨ ᠭᠡᠶᠢᠳ ᠨᠤᠳᠤᠭ ᠲᠤ ᠦᠨᠡᠭᠡᠷ ᠶᠡᠭᠡᠯ᠎ᠡ ᠢᠯᠡᠷᠭᠡᠢ ᠬᠠᠷᠰᠢᠯᠠᠯᠳᠠᠢ ᠪᠤᠯᠤᠭᠰᠠᠨ ᠤᠴᠢᠷ ᠲᠤ ᠬᠤᠶᠠᠷ ᠬᠤᠰᠢᠭᠤᠨ ᠤ ᠨᠤᠶᠠᠳ ᠳᠦᠰᠢᠮᠡᠳ ᠳᠡᠷᠡ ᠳᠠᠷᠤᠢ ᠠᠴᠠ ᠳᠠᠬᠢᠨ ᠳᠠᠪᠳᠠᠨ ᠤᠴᠢᠷ ᠢ ᠭᠠᠷᠭᠠᠨ ᠭᠤᠶᠤᠨ ᠠᠶᠢᠯᠠᠳᠬᠠᠭᠰᠠᠭᠠᠷ ᠪᠠᠶᠢᠭᠰᠠᠨ ᠪᠢᠯᠠ᠂ ᠠᠶᠢᠯᠠᠳᠬᠠᠬᠤ ᠪᠦᠷᠢ ᠴᠦ ᠬᠤᠶᠢᠳᠤ ᠬᠤᠰᠢᠭᠤᠨ ᠠᠴᠠ ᠡᠮᠥᠨᠡᠳᠤ ᠬᠤᠰᠢᠭᠤᠨ ᠳᠤᠷ ᠪᠢᠴᠢᠭ ᠰᠢᠥᠽᠢ ᠶᠠᠪᠤᠭᠤᠯᠤᠭᠰᠠᠨ ᠭᠡᠮᠡᠬᠦ ᠪᠠ ᠡᠮᠥᠨᠡᠳᠤ ᠬᠤᠰᠢᠭᠤᠨ ᠠᠴᠠ ᠨᠤᠳᠤᠭ ᠤᠨ ᠳᠠᠶᠢᠵᠢ ᠳᠦᠰᠢᠮᠡᠯ ᠨᠠᠷ ᠲᠤᠷ ᠳᠠᠪᠰᠢᠬᠦᠯᠬᠦ ᠵᠠᠬᠢᠶ᠎ᠠ ᠬᠠᠶᠢᠷᠠᠯᠠᠭᠰᠠᠨ ᠭᠡᠮᠡᠬᠦ ᠶᠢ ᠰᠤᠨᠤᠰᠤᠭᠰᠠᠨ ᠪᠤᠯᠪᠠᠴᠤ ᠳᠠᠳᠠ ᠳᠦᠰᠢᠮᠡᠯ ᠨᠠᠷ ᠵᠠᠬᠢᠶ᠎ᠠ ᠶᠢ ᠬᠦᠯᠢᠶᠡᠭᠡᠳ ᠤᠪᠤᠭ᠎ᠠ ᠶᠢ ᠳᠠᠪᠰᠢᠬᠦᠯᠬᠦ ᠦᠭᠡᠢ ᠬᠤᠶᠢᠰᠢᠯᠠᠨ ᠁ ᠪᠠᠶᠢᠭ᠎ᠠ ᠤᠴᠢᠷ ᠢ  ᠰᠡᠶᠢᠷᠡᠭᠦᠯᠤᠨ ᠭᠠᠷᠭᠠᠵᠤ ᠡᠷᠬᠦᠨ ᠮᠡᠳᠡᠭᠦᠯᠦᠶ᠎ᠡ᠂ ᠤᠯᠳᠠᠪᠠᠰᠤ ᠁ ᠶᠦᠩᠽᠠᠨ ᠪᠠᠨᠳᠢᠳᠠ ᠪᠠᠭᠰᠢ ᠶᠢ ᠳᠤᠩᠭᠠᠯᠠᠭ ᠪᠦᠬᠦᠢ ᠴᠠᠭ ᠳᠡᠭᠡᠷ᠎ᠡ ᠳᠠᠶᠢᠨ ᠭᠦ ᠤᠪᠤᠭ᠎ᠠ ᠶᠢ ᠁ ᠵᠤᠬᠢᠰᠳᠠᠶᠢᠶ᠎ᠠ ᠭᠠᠵᠠᠷ᠎ᠠ ᠪᠠᠳᠤᠳᠠᠶᠢᠬᠠᠨ ᠳᠡᠪᠰᠢᠭᠦᠯᠤᠨ ᠪᠤᠰᠬᠠᠭᠤᠯᠵᠤ ᠠᠰᠢᠳᠠ ᠶᠢᠨ ᠰᠠᠶᠢᠨ ᠢ ᠰᠢᠷ᠎ᠠ ᠬᠠᠷ᠎ᠠ ᠨᠡᠶᠢᠭᠡᠮ ᠳᠤᠷ ᠬᠦᠷᠳᠡᠭᠡᠭᠦ ᠠᠵᠢᠶᠠᠮᠤ︾ ᠬᠡᠵᠡᠢ᠃ ᠡᠬᠦᠨ ᠳᠤ ᠦᠥᠰᠢᠨ ᠬᠤᠰᠢᠭᠤᠨ ᠠᠴᠠ ᠳᠤᠮᠳᠠᠳᠤ ᠢᠷᠭᠡᠨ ᠤᠯᠤᠰ ᠤᠨ  ᠶᠢᠰᠦᠳᠦᠭᠡᠷ ᠤᠨ ᠤ ᠬᠠᠪᠤᠷ ᠤᠨ ᠳᠡᠷᠢᠬᠦᠨ ᠰᠠᠷ᠎ᠠ ᠶᠢᠨ ᠬᠤᠷᠢᠨ ᠳᠦᠷᠪᠡᠨ᠎ᠡ ᠬᠠᠷᠢᠶᠠᠳᠤ ᠳᠠᠳ᠋ ᠵᠡᠷᠭᠡ ᠳᠦᠷᠥᠯ ᠤᠨ ᠳᠠᠷᠤᠭ᠎ᠠ ᠳᠠᠶᠢᠵᠢ ᠦᠯᠵᠡᠶᠢᠳᠡᠯᠭᠡᠷ᠂ ᠬᠦᠨᠳᠡᠢ ᠶᠢᠨ ᠵᠠᠩᠭᠢ ᠪᠠᠪᠤᠵᠠᠪ ᠨᠠᠷ ᠲᠤ ︽᠁ ᠳᠠᠨ ᠤ ᠪᠠᠶᠠᠰ᠂ ᠨᠤᠳᠤᠭ ᠤᠨ ᠶᠡᠭᠡᠮᠡᠳ ᠢ ᠬᠠᠪᠰᠤᠷᠭᠠᠨ ᠠᠪᠴᠤ ᠮᠡᠷᠭᠡᠳ ᠠᠴᠠ ᠠᠰᠠᠭᠤᠵᠤ ᠦᠪᠡᠷ᠎ᠡ ᠨᠢᠭᠡᠨ ᠦᠯᠵᠡᠢ ᠢᠪᠡᠭᠡᠯᠳᠡᠢ ᠭᠠᠵᠠᠷ ᠳᠡᠭᠡᠷ᠎ᠡ ᠳᠡᠪᠰᠢᠭᠦᠯᠤᠨ ᠪᠤᠰᠬᠠᠳᠤᠭᠠᠢ᠂ ᠵᠢᠴᠢ ᠭᠡᠷᠡᠭᠰᠡᠯ ᠶᠠᠭᠤᠮ᠎ᠠ ᠶᠢ ᠤᠷᠢᠳᠠ ᠡᠯ᠎ᠡ ᠤᠪᠤᠭ᠎ᠠ ᠶᠢ ᠳᠦᠢᠮᠡᠷᠳᠡᠭᠰᠡᠨ ᠬᠦᠮᠥᠨ ᠠᠴᠠ ᠭᠠᠷᠭᠠᠭᠤᠯᠤᠨ ᠬᠦᠢᠴᠡᠳᠭᠡᠭᠡᠳ ᠭᠡᠷᠬᠢᠨ ᠪᠤᠰᠬᠠᠭᠰᠠᠨ ᠤᠴᠢᠷ ᠢ ᠬᠤᠶᠢᠰᠢ ᠮᠡᠳᠡᠭᠦᠯᠤᠨ ᠢᠷᠡᠬᠦᠯᠬᠦ ᠶᠢ ᠤᠬᠠᠭᠤᠯᠤᠨ ᠁ ᠳᠤᠰᠢᠶᠠ ᠢᠯᠡᠭᠡᠪᠡ︾ ᠬᠡᠵᠡᠢ᠃ ᠡᠬᠦᠨ ᠠᠴᠠ ᠡᠨᠡ ᠤᠪᠤᠭ᠎ᠠ ᠭᠠᠯᠳᠠᠭᠳᠠᠵᠤ ᠦᠩᠭᠡᠷᠡᠭᠰᠡᠨ᠂ ᠳᠠᠬᠢᠨ ᠰᠢᠯᠵᠢᠬᠦᠯᠬᠦ ᠪᠤᠯᠤᠭᠰᠠᠨ ᠵᠡᠷᠭᠡ ᠨᠢ ᠳᠤᠳᠤᠷᠬᠠᠢ ᠪᠤᠯᠵᠤ ᠪᠠᠶᠢᠨ᠎ᠠ᠃ ᠵᠠᠬᠢᠶ᠎ᠠ ᠳᠤᠰᠤᠭᠰᠠᠨ ᠦᠯᠵᠡᠶᠢᠳᠡᠯᠭᠡᠷ᠂ ᠪᠠᠪᠤᠵᠠᠪ ᠨᠠᠷ ᠤᠪᠤᠭ᠎ᠠ ᠰᠢᠯᠵᠢᠭᠦᠯᠦᠭᠰᠡᠨ ᠳᠤᠬᠠᠢ ᠪᠠᠨ ︽ᠪᠢᠳᠠ ᠨᠠᠷ ᠳᠤᠰᠢᠶᠠᠭᠰᠠᠨ ᠢ ᠳᠠᠭᠠᠵᠤ᠂ ᠡᠨᠡ ᠤᠪᠤᠭ᠎ᠠ ᠶᠢ ᠮᠥᠨ ᠬᠦ ᠬᠤᠯᠪᠤᠯᠵᠢ ᠶᠢᠨ ᠪᠠᠷᠠᠭᠤᠨ ᠡᠮᠥᠨᠡᠳᠤ ᠡᠳᠡᠭᠡᠳ ᠬᠠᠷᠢᠶᠠᠳᠤ ᠬᠤᠰᠢᠭᠤᠨ ᠤ ᠬᠤᠩᠭᠤᠷ ᠮᠤᠷᠢᠨ ᠳᠤᠯᠤᠭᠠᠢ ᠭᠡᠮᠡᠬᠦ ᠭᠠᠵᠠᠷ᠎ᠠ᠂ ᠡᠨᠡ ᠵᠤᠨ ᠤ ᠰᠡᠬᠦᠯ ᠰᠠᠷ᠎ᠠ ᠶᠢᠨ ᠰᠢᠨ᠎ᠡ ᠶᠢᠨ ᠠᠷᠪᠠᠨ᠎ᠠ ︵ᠳᠤᠮᠳᠠᠳᠤ ᠢᠷᠭᠡᠨ ᠤᠯᠤᠰ ᠤᠨ ᠶᠢᠰᠦᠳᠦᠭᠡᠷ ᠤᠨ︶  ᠳᠡᠪᠰᠢᠭᠦᠯᠤᠨ ᠪᠤᠰᠬᠠᠭᠰᠠᠨ ᠤᠴᠢᠷ ᠢ ᠭᠠᠷᠭᠠᠨ ᠮᠡᠳᠡᠬᠦᠯᠪᠡ︾ ᠭᠡᠮᠡᠭᠰᠡᠨ ᠮᠡᠳᠡᠭᠦᠯᠤᠯᠳᠡ ᠡᠷᠬᠦᠵᠡᠢ᠃ ᠳᠤᠮᠳᠠᠳᠤ ᠢᠷᠭᠡᠨ ᠤᠯᠤᠰ ᠤᠨ ᠶᠢᠰᠦᠳᠦᠭᠡᠷ ᠤᠨ ︵1920 ᠤᠨ︶ ᠳᠤ ᠬᠤᠯᠪᠤᠭᠠᠯᠵᠢ ᠤᠪᠤᠭ᠎ᠠ ᠶᠢ ᠬᠤᠩᠭᠤᠷ ᠮᠤᠷᠢᠨ ᠳᠤᠯᠤᠭᠠᠢ ᠳᠡᠭᠡᠷ᠎ᠡ ᠰᠢᠯᠵᠢᠭᠦᠯᠤᠨ ᠪᠤᠰᠬᠠᠵᠠᠢ᠃ ᠡᠶᠢᠨ ᠭᠦ ᠰᠢᠯᠵᠢᠭᠦᠯᠦᠭᠰᠡᠨ ᠤ ᠳᠠᠷᠠᠭ᠎ᠠ ᠵᠠᠭᠠᠷᠠᠭ ᠰᠦᠮ᠎ᠡ ᠶᠢᠨ ᠰᠤᠬᠳᠦ᠋ᠢᠪᠠ ᠨᠠᠷ ᠠᠴᠠ᠄ ︽᠁ ᠬᠤᠯᠪᠤᠯᠵᠢ ᠶᠢᠨ ᠤᠷᠤᠢ ᠳᠡᠭᠡᠷᠡᠬᠢ ᠤᠪᠤᠭ᠎ᠠ ᠶᠢ ᠳᠠᠪᠰᠢᠬᠦᠯᠪᠡᠢ ᠭᠡᠮᠡᠭᠰᠡᠨ ᠠᠨᠤ ᠰᠤᠨᠢᠨ ᠦᠷᠥᠰᠢᠶᠡᠯ ᠭᠡᠮᠡᠪᠡᠴᠤ ᠳᠡᠪᠰᠢᠭᠦᠯᠦᠭᠰᠡᠨ ᠭᠠᠵᠠᠷ ᠢ ᠦᠵᠡᠪᠡᠰᠤ ᠤᠭ ᠤᠪᠤᠭ᠎ᠠ ᠪᠠᠶᠢᠭᠰᠠᠨ ᠭᠠᠵᠠᠷ ᠠᠴᠠ ᠠᠷᠠᠢ ᠭᠡᠳᠥᠭᠡᠨ ᠵᠠᠭᠤᠨ ᠠᠯᠬᠤᠮ ᠤᠨ ᠳᠠᠳᠤᠢ ᠤᠶᠢᠷ᠎ᠠ ᠪᠠᠶᠢᠬᠤ ᠪᠦᠭᠡᠳ ᠡᠨᠡ ᠠᠨᠤ ᠮᠥᠨ ᠬᠤᠯᠪᠤᠯᠵᠢ ᠳᠤᠯᠤᠭᠠᠢ ᠶᠢᠨ ᠡᠵᠡᠳ ᠡᠵᠡᠯᠡᠯᠳᠤᠵᠤ ᠬᠤᠤᠷᠯᠠᠬᠤ ᠬᠠᠷᠰᠢᠯᠠᠬᠤ ᠶᠢᠨ ᠵᠠᠩ ᠴᠢᠨᠠᠷ ᠭᠡᠪ ᠤᠨ ᠬᠢ ᠠᠴᠠ ᠭᠡᠯᠪᠡᠷᠢᠬᠦ ᠦᠭᠡᠢ ᠪᠤᠯᠠᠢ︾ ᠭᠡᠮᠡᠨ ᠡᠷᠬᠦᠵᠡᠢ᠃ ᠬᠤᠶᠠᠷ ᠬᠤᠰᠢᠭᠤᠨ ᠤ ᠡᠨᠡ ᠵᠠᠷᠭᠤ ᠶᠢ ᠳᠠᠰᠤᠯᠬᠤ ᠶᠢᠨ ᠳᠤᠯᠠ ᠬᠠᠩᠭᠢᠨ ᠬᠤᠰᠢᠭᠤᠨ ᠤ ᠵᠠᠰᠠᠭ ᠶᠠᠮᠤᠨ ᠠᠴᠠ ︽᠁ ᠡᠯ᠎ᠡ ᠭᠡᠷᠡᠭ ᠢ ᠪᠢᠳᠠᠨ ᠤ ᠬᠤᠶᠠᠷ ᠡᠳᠡᠭᠡᠳ ᠠᠴᠠ ᠡᠳᠥᠷ ᠭᠠᠵᠠᠷ ᠤᠨ ᠪᠤᠯᠵᠤᠭᠠᠨ ᠢᠶᠠᠷ ᠳᠦᠰᠢᠮᠡᠯ ᠢ ᠬᠠᠮᠳᠤ ᠨᠡᠶᠢᠯᠡᠬᠦᠯᠵᠤ ᠤᠤᠯ ᠭᠡᠷᠡᠭ ᠤᠨ ᠤᠴᠢᠷ ᠢᠷᠤᠭᠠᠷ ᠢ ᠠᠭᠤᠳᠠᠯᠤᠨ ᠰᠢᠳᠭᠡᠭᠦᠯᠵᠤ᠂ ᠭᠤᠮᠤᠳᠠᠯ ᠤᠨ ᠦᠨᠳᠥᠰᠥᠨ ᠢ ᠳᠠᠰᠤᠯᠤᠨ ᠴᠠᠭᠠᠳᠬᠠᠵᠤ᠂ ᠮᠥᠨ ᠭᠦ ᠤᠪᠤᠭᠠᠨ ᠢ ᠮᠥᠨ ᠬᠠᠷᠰᠢᠳᠤ ᠭᠠᠵᠠᠷ ᠠᠴᠠ ᠠᠩᠭᠢᠳᠠ ᠠᠭᠯᠠᠭ ᠰᠢᠯᠵᠢᠬᠦᠯᠵᠤ ᠬᠤᠤᠷᠯᠠᠯ ᠢ ᠠᠷᠢᠯᠭᠠᠨ ᠪᠤᠳᠤᠯᠢᠶᠠᠨ ᠢ ᠤᠰᠠᠳᠬᠠᠪᠠᠰᠤ ᠵᠤᠬᠢᠬᠤ ᠶᠢᠨ ᠤᠴᠢᠷ᠎ᠠ ᠮᠠᠨ ᠤ ᠭᠠᠵᠠᠷ ᠠᠴᠠ ᠪᠤᠯᠵᠤᠵᠤ ᠳᠤᠭᠳᠠᠭᠰᠠᠨ ᠠᠨᠤ᠂ ᠡᠨᠡ ᠤᠨ ︵ᠳᠤᠮᠳᠠᠳᠤ ᠢᠷᠭᠡᠨ ᠤᠯᠤᠰ ᠤᠨ ᠶᠢᠰᠦᠳᠦᠭᠡᠷ ᠤᠨ︶  ᠤ ᠡᠪᠤᠯ ᠤᠨ ᠳᠡᠷᠢᠬᠦᠨ ᠰᠠᠷ᠎ᠠ ᠶᠢᠨ ᠰᠢᠨ᠎ᠡ ᠶᠢᠨ ᠵᠢᠷᠭᠤᠭᠠᠨ᠎ᠠ᠂ ᠮᠠᠨ ᠤ ᠬᠤᠶᠠᠷ ᠬᠤᠰᠢᠭᠤᠨ ᠤ ᠠᠭᠤᠯᠵᠠᠷ ᠰᠠᠪᠠ ᠨᠡᠶᠢᠯᠡᠬᠦ ᠤᠭ᠍ᠶᠤᠨ ᠨᠠᠭᠤᠷ ᠤᠨ ᠵᠡᠬᠦᠨ ᠵᠠᠬ᠎ᠠ ᠵᠡᠷᠭᠡ ᠭᠠᠵᠠᠷ᠎ᠠ ᠬᠠᠮᠳᠤ ᠨᠠᠶᠢᠯᠠᠨ ᠰᠢᠳᠭᠡᠬᠦ ᠪᠤᠯᠵᠤᠭ᠎ᠠ ᠳᠤᠭᠳᠠᠭᠠᠨ ᠶᠠᠪᠤᠭᠤᠯᠤᠶ᠎ᠠ᠂ ᠬᠦᠷᠭᠦᠯ᠎ᠡ ᠡᠷᠬᠢᠮ ᠵᠠᠰᠠᠭ ᠪᠠᠶᠢᠯᠠ ᠳᠤᠰᠠᠯᠠᠭᠴᠢ ᠳᠠᠶᠢᠵᠢ ᠳᠠᠨ ᠪᠠᠶᠢᠴᠠᠭᠠᠨ ᠦᠵᠡᠵᠤ ᠤᠤᠯ ᠬᠡᠷᠡᠭ ᠤᠨ ᠳᠤᠳᠤᠷ᠎ᠠ ᠬᠤᠯᠪᠤᠭᠳᠠᠭᠴᠢᠳ ᠢ ᠪᠦᠷᠢᠳᠭᠡᠨ ᠠᠪᠬᠠᠭᠤᠯᠵᠤ ᠶᠡᠭᠡᠭᠡᠨ ᠳᠤᠰᠢᠶᠠᠯ ᠤᠨ ᠳᠦᠰᠢᠮᠡᠯ ᠨᠠᠷ ᠢ ᠳᠤᠮᠢᠯᠠᠨ ᠭᠠᠷᠭᠠᠵᠤ᠂ ᠮᠥᠨ ᠭᠦ ᠡᠳᠥᠷ ᠭᠠᠵᠠᠷ ᠤᠨ ᠪᠤᠯᠵᠤᠭᠠᠨ ᠳᠤᠷ ᠰᠠᠭᠠᠷ ᠦᠭᠡᠢ ᠬᠠᠮᠳᠤ ᠨᠡᠶᠢᠯᠡᠬᠦᠯᠵᠤ ᠰᠢᠬᠦᠨ ᠰᠢᠳᠭᠡᠨ ᠳᠤᠳᠤᠷᠬᠠᠶᠢᠯᠠᠨ ᠳᠠᠰᠤᠯᠭᠠᠬᠤ ᠶᠢ ᠪᠤᠯᠭᠠᠰᠤᠭᠠᠢ᠂ ᠡᠬᠦᠨ ᠤ ᠳᠤᠯᠠ ᠪᠤᠯᠵᠤᠨ ᠢᠯᠡᠭᠡᠪᠡ︾ ᠭᠡᠮᠡᠨ ᠦᠥᠰᠢᠨ ᠵᠠᠰᠠᠭ ᠶᠠᠮᠤᠨ ᠳᠤ ᠪᠢᠴᠢᠭ ᠢᠯᠡᠭᠡᠵᠡᠢ᠃ ᠡᠨᠡ ᠪᠤᠯᠵᠤᠭ᠎ᠠ ᠪᠠᠷ ᠮᠥᠨ ᠭᠡᠷᠡᠭ ᠢ ᠭᠡᠷᠬᠢᠨ ᠳᠠᠰᠤᠯᠤᠭᠰᠠᠨ᠂ ᠬᠤᠩᠭᠤᠷ ᠮᠤᠷᠢᠨ ᠳᠤᠯᠤᠭᠠᠢ ᠳᠤ ᠰᠢᠯᠵᠢᠭᠦᠯᠦᠭᠰᠡᠨ ᠤᠪᠤᠭ᠎ᠠ ᠪᠠᠨ ᠬᠡᠵᠢᠶ᠎ᠡ ᠬᠤᠯᠪᠤᠭᠠᠯᠵᠢ ᠶᠢᠨ ᠤᠷᠤᠢ ᠳᠡᠭᠡᠷ᠎ᠡ ᠪᠤᠴᠠᠭᠠᠨ ᠠᠪᠴᠢᠷᠠᠭᠰᠠᠨ ᠳᠤᠬᠠᠢ ᠦᠭᠡᠷ᠎ᠡ ᠳᠡᠮᠳᠡᠭᠯᠡᠯ ᠰᠠᠯᠳᠠ ᠶᠢ ᠤᠯᠵᠤ ᠦᠵᠡᠭᠰᠡᠨ ᠦᠭᠡᠢ᠃ ᠳᠡᠭᠡᠷᠡᠬᠢ ᠪᠢᠴᠢᠭ ᠤᠳ ᠠᠴᠠ ᠬᠤᠯᠪᠤᠭᠠᠯᠵᠢ ᠶᠢᠨ ᠤᠪᠤᠭ᠎ᠠ ᠶᠢ ᠪᠠᠳᠠᠷᠠᠭᠤᠯᠳᠤ ᠳᠦᠷᠥ ᠶᠢᠨ ᠭᠤᠴᠢᠨ ᠬᠤᠶᠠᠳᠤᠭᠠᠷ ᠤᠨ ᠳᠤ ᠪᠤᠰᠬᠠᠭᠠᠳ ᠳᠤᠮᠳᠠᠳᠤ ᠢᠷᠭᠡᠨ ᠤᠯᠤᠰ ᠤᠨ ᠶᠢᠰᠦᠳᠦᠭᠡᠷ ᠤᠨ ᠳᠤ ᠬᠤᠩᠭᠤᠷ ᠮᠤᠷᠢᠨ ᠳᠤᠯᠤᠭᠠᠢ ᠳᠡᠭᠡᠷ᠎ᠡ ᠰᠢᠯᠵᠢᠬᠦᠯᠵᠡᠢ ᠭᠡᠭᠦ ᠳ᠋ᠦᠩ ᠤᠯᠬᠤ ᠪᠤᠯᠤᠨ᠎ᠠ᠃ ᠳᠤᠮᠳᠠᠳᠤ ᠢᠷᠭᠡᠨ ᠤᠯᠤᠰ ᠤᠨ ᠠᠷᠪᠠᠳᠤᠭᠠᠷ ᠤᠨ ᠤ ᠵᠤᠨ ᠤ ᠳᠡᠷᠢᠬᠦᠨ ᠰᠠᠷ᠎ᠠ ᠶᠢᠨ ᠬᠤᠷᠢᠨ ᠨᠢᠭᠡᠨ ᠤ ᠡᠳᠥᠷ᠂ ᠬᠤᠶᠠᠷ ᠬᠤᠰᠢᠭᠤᠨ ᠤ ᠴᠢᠭᠤᠯᠭᠠᠨ ᠤ ᠳᠠᠷᠠᠭ᠎ᠠ ᠬᠤᠯᠪᠤᠭᠠᠯᠵᠢ ᠤᠪᠤᠭ᠎ᠠ ᠶᠢ  ᠰᠢᠯᠵᠢᠭᠦᠯᠦᠭᠰᠡᠨ ᠡᠰᠡᠬᠦ ᠳᠤᠬᠠᠢ ᠪᠠᠶᠢᠴᠠᠭᠠᠨ ᠯᠠᠪᠯᠠᠬᠤ ᠪᠠᠷ ᠵᠠᠷᠯᠢᠭ ᠢᠶᠠᠷ ᠰᠤᠶᠤᠷᠬᠠᠭᠰᠠᠨ ᠰᠠᠶᠢᠨᠳᠠᠢ ᠶᠢ ᠢᠪᠡᠭᠡᠭᠰᠡᠨ ᠰᠦᠮ᠎ᠡ ᠭᠡᠮᠡᠬᠦ ᠬᠠᠷ᠎ᠠ ᠵᠠᠭᠠᠷᠢᠭ ᠤᠨ ᠰᠦᠮ᠎ᠡ ᠶᠢᠨ ᠳ᠋ᠠ ᠯᠠᠮᠠ᠂ ᠳᠠᠮᠴᠢ᠂ ᠭᠡᠪᠭᠦᠢ ᠵᠠᠷᠭᠤᠴᠢ᠂ ᠪᠢᠴᠢᠭᠡᠴᠢ ᠨᠠᠷ ᠪᠢᠴᠢᠭ ᠢᠯᠡᠭᠡᠵᠡᠢ᠂ ᠳᠡᠷᠡ ᠪᠢᠴᠢᠭ ᠲᠤ ︽ᠬᠠᠷᠢᠶᠠᠳᠤ ᠬᠡᠶᠢᠳ ᠠᠴᠠ ᠨᠢᠳᠤᠨᠤᠨ ᠵᠢᠯ ᠬᠤᠯᠪᠤᠯᠵᠢ ᠶᠢᠨ ᠤᠪᠤᠭ᠎ᠠ ᠭᠡᠮᠡᠬᠦ ᠶᠢᠨ ᠤᠴᠢᠷ᠎ᠠ ᠭᠤᠮᠤᠳᠠᠯ ᠭᠠᠷᠭᠠᠨ ᠡᠷᠬᠦᠨ ᠮᠡᠳᠡᠭᠦᠯᠦᠭᠰᠡᠨ ᠨᠢᠭᠡᠨ ᠭᠡᠷᠡᠭ ᠪᠤᠢ᠃ ᠳᠡᠬᠦᠨ ᠠᠴᠠ ᠬᠤᠶᠢᠰᠢ ᠡᠯ᠎ᠡ ᠵᠦᠢᠯ ᠤᠨ ᠭᠡᠷᠡᠭ ᠢ ᠡᠳᠥᠭᠡ ᠬᠦᠷᠳᠡᠯ᠎ᠡ ᠳᠠᠬᠢᠨ ᠮᠡᠳᠡᠭᠦᠯᠤᠨ ᠢᠷᠡᠭᠦᠯᠦᠭᠰᠡᠨ ᠵᠦᠢᠯ ᠦᠭᠡᠢ᠃ ᠤᠳ᠋ᠸ᠎ᠠ ᠬᠠᠷᠢᠶᠠᠳᠤ ᠭᠡᠶᠢᠳ ᠠᠴᠠ ᠡᠯ᠎ᠡ ᠤᠴᠢᠷ᠎ᠠ ᠭᠤᠮᠤᠳᠠᠬᠤ ᠤᠴᠢᠷᠯᠠᠬᠤ ᠶᠠᠪᠤᠳᠠᠯ ᠪᠠᠶᠢᠬᠤ ᠪᠠ ᠦᠯᠥ ᠪᠠᠶᠢᠬᠤ᠂ ᠳᠠᠶᠢᠨ ᠬᠦ ᠤᠪᠤᠭ᠎ᠠ ᠳᠡᠪᠰᠢᠭᠰᠡᠨ ᠪᠠ ᠡᠰᠡ ᠳᠡᠪᠰᠢᠭᠰᠡᠨ᠂ ᠳᠡᠪᠰᠢᠭᠰᠡᠨ ᠠᠪᠠᠰᠤ ᠤᠶᠢᠷ᠎ᠠ ᠳᠡᠪᠰᠢᠭᠰᠡᠨ ᠬᠤᠯᠠ ᠳᠡᠪᠰᠢᠭᠰᠡᠨ ᠵᠢᠴᠢ ᠡᠯ᠎ᠡ ᠭᠡᠷᠡᠭ ᠲᠤᠷ ᠦᠪᠡᠷ᠎ᠡ ᠨᠡᠮᠡᠭᠳᠡᠬᠦ ᠴᠢᠷᠥᠭᠳᠡᠭᠦ ᠤᠴᠢᠷ ᠭᠡᠷᠡᠭ ᠪᠤᠢ ᠪᠠ ᠦᠭᠡᠢ ᠶᠠᠪᠤᠳᠠᠯ ᠢ ᠨᠢᠭᠡᠨ ᠨᠢᠭᠡᠨ ᠢᠶᠠᠷ ᠳᠤᠳᠤᠷᠬᠠᠶᠢᠯᠠᠨ ᠭᠠᠷᠭᠠᠵᠤ ᠁  ᠮᠡᠳᠡᠭᠦᠯᠤᠨ ᠢᠷᠡᠬᠦᠯᠵᠤ ᠬᠢᠨᠡᠨ ᠰᠢᠳᠭᠡᠬᠦᠢ ᠳᠤᠷ ᠪᠡᠯᠡᠳᠭᠡᠭᠦᠯᠰᠥᠭᠡᠢ︾ ᠭᠡᠮᠡᠨ ᠪᠢᠴᠢᠵᠤ ᠳᠤᠰᠢᠶᠠᠵᠠᠢ᠃ ᠡᠶᠢᠨ ᠪᠤᠯᠬᠤᠯ᠎ᠠ ᠬᠤᠰᠢᠭᠤ ᠶᠢ ᠵᠠᠬᠢᠷᠤᠭᠴᠢ ᠵᠠᠩᠭᠢ ᠰᠠᠷᠤᠪᠨᠤᠷᠪᠤ ᠬᠠᠩᠭᠢᠨ ᠬᠤᠰᠢᠭᠤᠨ ᠤ ᠪᠠᠨ ᠵᠠᠰᠠᠭ ᠤᠨ ᠭᠠᠵᠠᠷ ᠲᠤ ︽᠁ ᠰᠠᠶᠢᠨᠳᠠᠢ ᠶᠢ ᠢᠪᠡᠭᠡᠭᠰᠡᠨ ᠰᠦᠮ᠎ᠡ ᠶᠢᠨ ᠳᠦᠷᠪᠡᠨ ᠷᠠᠰᠠᠩ ᠤᠨ ᠰᠤᠬᠳᠦ᠋ᠢᠪᠠ ᠨᠠᠷ ᠤᠨ ᠳᠠᠬᠢᠨ ᠡᠷᠬᠦᠨ ᠮᠡᠳᠡᠭᠦᠯᠦᠭᠰᠡᠨ ᠡᠷᠬᠦᠯᠳᠡ ᠪᠢᠴᠢᠭ ᠲᠤᠷ᠂ ᠮᠡᠳᠡᠬᠦᠯᠬᠦ ᠶᠢᠨ ᠤᠴᠢᠷ ᠁ ᠤᠴᠢᠷ ᠰᠢᠯᠳᠠᠭᠠᠨ ᠢ ᠰᠡᠶᠢᠷᠡᠭᠦᠯᠤᠨ ᠭᠠᠷᠭᠠᠵᠤ ᠭᠤᠮᠤᠳᠠᠨ ᠮᠡᠳᠡᠭᠦᠯᠦᠭᠰᠡᠨ ᠪᠤᠯᠪᠠᠴᠤ ᠡᠳᠥᠭᠡ ᠪᠤᠯᠳᠠᠯ᠎ᠠ ᠪᠢᠳᠡ ᠪᠦᠬᠦᠨ ᠤ ᠭᠠᠰᠢᠭᠤᠳᠠᠯ ᠢ ᠳᠡᠭᠡᠷᠡᠴᠠ ᠬᠠᠷᠢᠯᠴᠠᠨ ᠰᠢᠳᠭᠡᠵᠤ᠂ ᠴᠠᠭᠠᠳᠬᠠᠨ ᠰᠢᠬᠦᠵᠤ ᠳᠤᠩᠭᠤᠳᠤᠨ ᠰᠤᠷᠭᠠᠭᠰᠠᠨ ᠴᠠᠭ ᠦᠭᠡᠢ ᠳᠤᠷ ᠮᠥᠨ ᠭᠦ ᠭᠤᠮᠤᠳᠠᠯ ᠤᠨ ᠰᠡᠬᠦᠯ ᠳᠠᠷᠤᠢ ᠳᠠᠰᠤᠷᠠᠵᠤ ᠬᠠᠭᠤᠴᠢᠳ ᠤᠨ ᠶᠤᠰᠤᠭᠠᠷ ᠰᠡᠳᠭᠢᠯ ᠠᠭᠤᠤ ᠪᠤᠯᠵᠤ ᠠᠯᠢᠪᠠᠰᠤ ᠶᠠᠪᠤᠳᠠᠯ ᠪᠦᠬᠦᠳᠡ ᠡᠶᠡᠪᠡᠷᠴᠤ ᠦᠷᠥᠰᠢᠶᠡᠭᠳᠡᠭᠡᠳᠥᠢ ᠳᠤᠷ ᠳᠠᠬᠢᠨ ᠡᠷᠬᠦᠨ ᠭᠤᠮᠤᠳᠠᠨ ᠮᠡᠳᠡᠬᠦᠯᠬᠦ ᠠᠴᠠ ᠭᠠᠳᠠᠨ᠎ᠠ᠂ ᠭᠠᠭᠴᠠ ᠬᠦ ᠬᠤᠯᠪᠤᠯᠵᠢ ᠶᠢᠨ ᠤᠪᠤᠭ᠎ᠠ ᠶᠢ ᠰᠠᠶ᠎ᠠ ᠵᠡᠬᠦᠨ ᠵᠦᠭ ᠬᠤᠷᠢᠨ ᠤ ᠭᠠᠵᠠᠷ ᠤᠨ ᠰᠢᠬᠠᠮ ᠳᠡᠪᠰᠢᠭᠦᠯᠦᠭᠰᠡᠨ ᠮᠠᠳᠤ ᠶᠢ ᠰᠤᠨᠤᠰᠴᠤ᠂ ᠬᠤᠶᠢᠴᠢ ᠡᠳᠥᠷ ᠤᠨ ᠰᠡᠵᠢᠭᠯᠡᠯ ᠲᠤᠷ ᠠᠮᠤᠰ ᠬᠡᠬᠦ ᠶᠢ ᠬᠠᠮᠳᠤᠳᠠ ᠭᠠᠷᠭᠠᠨ ᠮᠡᠳᠡᠭᠦᠯᠦᠶ᠎ᠡ︾ ᠭᠡᠵᠤ ᠪᠢᠴᠢᠵᠤ ᠪᠠᠶᠢᠨ᠎ᠠ᠃ ᠡᠨᠡ ᠪᠢᠴᠢᠭ ᠠᠴᠠ ᠬᠤᠯᠪᠤᠭᠠᠯᠵᠢ ᠤᠪᠤᠭ᠎ᠠ ᠶᠢ ᠬᠤᠩᠭᠤᠷ ᠮᠤᠷᠢᠨ ᠳᠤᠯᠤᠭᠠᠢ ᠳᠤ ᠰᠢᠯᠵᠢᠭᠦᠯᠤᠨ ᠳᠠᠭᠤᠰᠤᠭᠰᠠᠨ ᠪᠢᠰᠢ᠂ ᠬᠠᠷᠢᠨ ᠪᠠᠰᠠ ᠬᠤᠯᠪᠤᠯᠵᠢ ᠤᠷᠤᠢ ᠠᠴᠠ ᠵᠡᠬᠦᠨᠰᠢ ᠬᠤᠷᠢ ᠰᠢᠬᠠᠮ ᠭᠠᠵᠠᠷ ᠰᠢᠯᠵᠢᠭᠦᠯᠦᠭᠰᠡᠨ ᠰᠤᠷᠠᠭ ᠴᠤᠤᠳᠠᠮ ᠭᠠᠷᠤᠭᠰᠠᠨ ᠶᠤᠮ ᠪᠠᠶᠢᠨ᠎ᠠ᠃ ᠭᠡᠪᠡᠴᠤ ᠶᠠᠮᠠᠷ ᠨᠠᠷᠠᠳᠤ ᠭᠠᠵᠠᠷ ᠭᠡᠵᠢᠶ᠎ᠡ ᠳᠡᠪᠰᠢᠭᠦᠯᠦᠭᠰᠡᠨ᠂ ᠭᠡᠨ ᠬᠦᠮᠥᠨ ᠡᠷᠬᠢᠯᠡᠨ ᠬᠦᠢᠴᠡᠳᠭᠡᠭᠰᠡᠨ ᠨᠢ ᠪᠠᠯᠠᠷᠬᠠᠢ ᠪᠠᠶᠢᠨ᠎ᠠ᠃ ᠡᠨᠡ ᠤᠪᠤᠭ᠎ᠠ ᠶᠢ ᠦᠨᠡᠭᠡᠷ  ᠳᠡᠪᠰᠢᠭᠦᠯᠦᠭᠰᠡᠨ ᠡᠰᠡ ᠳᠡᠪᠰᠢᠭᠦᠯᠦᠭᠰᠡᠨ᠂  ᠳᠡᠪᠰᠢᠭᠦᠯᠦᠭᠰᠡᠨ ᠪᠤᠯ ᠭᠡᠵᠢᠶ᠎ᠠ ᠶᠠᠭᠠᠬᠢᠭᠠᠳ ᠬᠤᠯᠪᠤᠭᠠᠯᠵᠢ ᠶᠢᠨ ᠤᠷᠤᠢ ᠳᠡᠭᠡᠷ᠎ᠡ ᠳᠠᠬᠢᠨ ᠪᠤᠰᠬᠠᠭᠳᠠᠭᠰᠠᠨ ᠵᠡᠷᠭᠡ ᠨᠢ ᠰᠡᠵᠢᠭ ᠳᠦᠷᠥᠬᠦᠯᠵᠤ ᠪᠠᠶᠢᠨ᠎ᠠ᠃ ᠦᠨᠡᠭᠡᠷ ᠵᠡᠬᠦᠨᠰᠢ ᠬᠤᠷᠢ ᠰᠢᠬᠠᠮ ᠭᠠᠵᠠᠷ ᠳᠡᠪᠰᠢᠭᠦᠯᠦᠭᠰᠡᠨ ᠪᠤᠯ ᠳᠡᠷᠡ ᠭᠠᠵᠠᠷ ᠨᠢ ᠬᠠᠶᠢᠯᠠᠰᠤᠳᠤ ᠶᠢᠨ ᠨᠤᠷ᠎ᠠ᠂ ᠬᠦᠢᠰᠤ ᠨᠠᠭᠤᠷ ᠠᠴᠠ ᠤᠮᠠᠷ᠎ᠠ ᠵᠦᠭ ᠲᠤ ᠪᠠᠶᠢᠬᠤ ᠶᠤᠰᠤᠳᠠᠢ ᠪᠤᠯᠪᠠᠴᠤ ᠡᠶᠢᠮᠥ ᠰᠤᠷᠠᠭ ᠰᠦᠪᠡᠭᠴᠢ ᠶᠢ ᠬᠠᠷᠠᠬᠠᠨ ᠤᠯᠤᠭ᠎ᠠ ᠦᠭᠡᠢ᠃ ᠤᠪᠤᠭ᠎ᠠ ᠨᠢ ᠬᠠᠷᠢᠨ ᠤᠳᠤ ᠴᠦ ᠭᠡᠳ ᠬᠤᠯᠪᠤᠭᠠᠯᠵᠢ ᠶᠢᠨ ᠤᠷᠤᠢ ᠳᠡᠭᠡᠷ᠎ᠡ ᠪᠠᠶᠢᠭ᠎ᠠ ᠨᠢ ᠦᠨᠡᠨ᠃ ᠭᠡᠪᠡᠴᠤ ᠬᠤᠯᠪᠤᠭᠠᠯᠵᠢ ᠶᠢᠨ ᠤᠷᠤᠢ ᠳᠡᠬᠡᠷ᠎ᠡ ᠳᠠᠬᠢᠨ ᠪᠤᠰᠬᠠᠭᠰᠠᠨ᠂ ᠠᠯᠢ ᠰᠠᠷ᠎ᠠ ᠶᠢᠨ ᠠᠯᠢ ᠡᠳᠥᠷ ᠶᠠᠮᠠᠷ ᠵᠦᠭ ᠤᠨ ᠳᠠᠬᠢᠯᠭ᠎ᠠ ᠦᠢᠯᠡᠳᠳᠡᠭ ᠨᠢ ᠪᠦᠷ ᠳᠤᠳᠤᠷᠬᠠᠢ ᠦᠭᠡᠢ ᠪᠠᠶᠢᠨ᠎ᠠ᠃      ᠡᠨᠡ ᠤᠪᠤᠭ᠎ᠠ ᠶᠢ ᠤᠷᠳᠤᠰ ᠳᠤᠭᠠᠯᠠᠯ ᠤᠨ ᠵᠤᠨ ᠤ ᠳᠤᠮᠳᠠ ᠰᠠᠷ᠎ᠠ ᠶᠢᠨ ᠠᠷᠪᠠᠨ ᠭᠤᠷᠪᠠᠨ ᠳᠤ ᠱᠠᠵᠢᠨᠬᠡᠷᠡᠯ ᠤᠨ ᠬᠤᠶᠢᠴᠢᠰ ᠮᠠᠴᠢᠳ᠂ ᠡᠷᠳᠡᠨᠢᠠᠠᠭᠤᠯᠠ ᠵᠡᠷᠭᠡ ᠡᠷᠥᠭᠡᠳ ᠳᠠᠬᠢᠵᠠᠭᠠᠵᠤ ᠪᠤᠢ᠃  
ᠢᠷᠡᠯᠲᠡ᠄ ᠤᠷᠳᠤᠰ ᠤᠨ ᠡᠳᠤᠷ ᠤᠨ ᠰᠤᠨᠢᠨ