ᠡᠨᠡ ᠭᠠᠵᠠᠷ ᠠᠴᠠ 1300 ᠵᠢᠯ ᠤᠨ ᠡᠮᠤᠨᠡᠬᠢ ᠬᠠᠳᠠᠨ ᠪᠢᠴᠢᠭᠡᠰᠤ ᠶᠢ ᠢᠯᠡᠷᠡᠬᠦᠯᠪᠡ
ᠨᠡᠶᠢᠲᠡᠯᠡᠭᠰᠡᠨ ᠴᠠᠭ᠄
2023/9/18
     ᠤᠭᠰᠠᠭᠠᠳᠠᠨ ᠵᠦᠢ ᠶᠢᠨ ᠨᠡᠷᠡᠲᠤ ᠡᠷᠳᠡᠮᠳᠡᠨ᠂ ᠭᠧᠷᠮᠠᠨ ᠤ ᠪᠤᠨ ᠶᠡᠭᠡ ᠰᠤᠷᠭᠠᠭᠤᠯᠢ ᠪᠠ ᠺᠤᠯᠧᠨ ᠶᠡᠭᠡ ᠰᠤᠷᠭᠠᠭᠤᠯᠢ ᠶᠢᠨ ᠳ᠋ᠣᠺᠲ᠋ᠣᠷ ᠰᠣᠯᠤᠩᠭᠤᠳ ᠯ᠊᠂ ᠬᠤᠷᠴᠠᠪᠠᠭᠠᠳᠤᠷ᠂ ᠣᠲᠤᠭ ᠬᠤᠰᠢᠭᠤᠨ ᠤ ᠲᠡᠤᠬᠡ ᠶᠢᠨ ᠲᠤᠷᠠᠰᠬᠠᠯᠲᠤ ᠵᠦᠢᠯᠡᠰ ᠤᠨ ᠲᠣᠪᠴᠢᠶ᠎ᠠ᠂ ᠣᠲᠤᠭ ᠬᠤᠰᠢᠭᠤᠨ ᠤ ᠤᠳᠬ᠎ᠠ ᠣᠷᠠᠯᠢᠭ ᠤᠨ ᠬᠢᠨ ᠤ ᠬᠤᠯᠪᠤᠭᠠᠨ ᠤ ᠬᠠᠮᠢᠶ᠎ᠠ ᠪᠦᠬᠦᠢ ᠺᠠᠳ᠋ᠷ ᠠᠵᠢᠯᠳᠠᠨ ᠲᠠᠢ ᠬᠠᠮᠳᠤᠪᠡᠷ ᠦᠨᠦᠭᠡᠨ ᠣᠷᠳᠤᠰ ᠬᠤᠳᠠ ᠶᠢᠨ ᠣᠲᠤᠭ ᠬᠤᠰᠢᠭᠤᠨ ᠤ ᠦᠵᠦᠬᠦᠷ ᠪᠠᠯᠭᠠᠰᠤ ᠶᠢᠨ ᠤᠷᠠᠠᠳᠦ᠋ᠰᠢ ᠭᠠᠴᠠᠭᠠᠨ ᠤ ᠠᠷᠪᠠᠰ ᠤᠨ ᠠᠭᠤᠯᠠᠨ ᠤ ᠬᠠᠷᠠᠩᠭᠤᠢ ᠶᠢᠨ ᠬᠦᠨᠳᠡᠢ ᠭᠡᠳᠡᠭ ᠭᠠᠵᠠᠷ ᠲᠤ᠂ 1300 ᠵᠢᠯ ᠤᠨ ᠡᠮᠤᠨᠡᠬᠢ ᠡᠷᠲᠡᠨ ᠤ ᠲᠦᠷᠺ ᠷᠦᠨᠢ ᠦᠰᠦᠭ ᠤᠨ ᠬᠠᠳᠠᠨ ᠪᠢᠴᠢᠭᠡᠰᠤ ᠶᠢ ᠢᠯᠡᠷᠡᠬᠦᠯᠤᠨ᠂ ᠠᠮᠵᠢᠯᠳᠠᠳᠠᠢ ᠪᠠᠷ ᠲᠠᠶᠢᠯᠤᠨ ᠵᠠᠳᠠᠯᠤᠭᠰᠠᠨ ᠪᠠᠶᠢᠨ᠎ᠠ᠃     ᠡᠷᠳᠡᠮᠳᠡᠨ ᠬᠤᠷᠴᠠᠪᠠᠭᠠᠳᠤᠷ ᠤᠨ ᠲᠠᠨᠢᠯᠴᠠᠭᠤᠯᠬᠤ ᠪᠠᠷ᠂ ᠡᠨᠡ ᠤᠳᠠᠭᠠᠨ ᠤ ᠢᠯᠡᠷᠡᠬᠦᠯᠦᠯᠲᠡ ᠳᠤ ᠡᠷᠲᠡᠨ ᠤ ᠲᠦᠷᠺ ᠷᠦᠨᠢ ᠦᠰᠦᠭ ᠤᠨ ᠬᠠᠳᠠᠨ ᠪᠢᠴᠢᠭᠡᠰᠤ ᠭᠤᠷᠪᠠᠨ ᠮᠥᠷ ᠵᠢᠷᠭᠤᠭᠠᠨ ᠦᠰᠦᠭ ᠪᠠᠶᠢᠵᠦ᠂ ᠡᠬᠦᠨ ᠢ ᠠᠪᠢᠶ᠎ᠠ ᠲᠠᠭᠤᠳᠠᠯᠭ᠎ᠠ᠂ ᠦᠭᠡ ᠦᠰᠦᠭ ᠤᠨ ᠪᠦᠲᠦᠴᠡ᠂ ᠦᠰᠦᠭ ᠲᠡᠮᠳᠡᠭ ᠤᠨ ᠲᠠᠶᠢᠯᠪᠦᠷᠢ᠂ ᠦᠭᠡᠰ ᠤᠨ ᠤᠳᠬ᠎ᠠ ᠠᠭᠤᠯᠭ᠎ᠠ ᠶᠢᠨ ᠲᠠᠶᠢᠯᠪᠦᠷᠢ᠂ ᠦᠬᠦᠯᠡᠪᠦᠷᠢ ᠵᠦᠢ ᠶᠢᠨ ᠵᠠᠳᠠᠯᠤᠯᠲᠠ ᠵᠡᠷᠭᠡ ᠲᠠᠯ᠎ᠠ ᠪᠠᠷ ᠨᠠᠷᠢᠨ ᠰᠤᠳᠤᠯᠤᠭᠰᠠᠨ ᠤ ᠳ᠋ᠥᠩ ᠳᠤ᠂ ᠣᠳᠤᠬᠢ ᠬᠡᠯᠡᠨ ᠳᠤ ᠪᠠᠭᠤᠯᠭᠠᠨ ᠣᠷᠴᠢᠭᠤᠯᠪᠠᠯ ︽ᠢᠷᠪᠢᠰ ᠬᠠᠭᠠᠯᠭ᠎ᠠ ᠶᠢᠨ ᠡᠷᠭᠢ ᠪᠠᠭᠤᠴᠠ ᠵᠢᠯᠠᠭ᠎ᠠ︾ ᠬᠡᠮᠡᠬᠦ ᠦᠨᠳᠤᠰᠤᠨ ᠤᠳᠬ᠎ᠠ ᠲᠠᠢ ᠪᠠᠶᠢᠵᠦ᠂ ᠬᠠᠮᠢᠶ᠎ᠠ ᠪᠦᠬᠦᠢ ᠪᠢᠴᠢᠭ ᠮᠠᠲ᠋ᠧᠷᠢᠶᠠᠯ ᠢ ᠦᠨᠳᠤᠰᠤᠯᠡᠪᠡᠯ᠂ ᠲᠤᠰ ᠬᠠᠳᠠᠨ ᠪᠢᠴᠢᠭᠡᠰᠤ ᠶᠢᠨ ᠵᠤᠬᠢᠶᠠᠭᠳᠠᠭᠰᠠᠨ ᠴᠠᠭ ᠨᠢ ᠪᠠᠷᠤᠭ ᠣᠨ ᠲᠤᠭᠠᠯᠠᠯ ᠤᠨ 555 — 744 ᠣᠨ ᠤ ᠬᠤᠭᠤᠷᠤᠨᠳᠤ ᠪᠠᠶᠢᠵᠦ᠂ ᠡᠨᠡ ᠨᠢ ᠮᠥᠨ ᠴᠦ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠬᠠᠮᠤᠭ ᠤᠨ ᠠᠩᠬᠠᠳᠠᠭᠴᠢ ᠢᠯᠡᠷᠡᠬᠦᠯᠤᠨ ᠲᠠᠶᠢᠯᠤᠭᠰᠠᠨ ᠡᠷᠲᠡᠨ ᠤ ᠲᠦᠷᠺ ᠷᠦᠨᠢ ᠦᠰᠦᠭ ᠤᠨ ᠬᠠᠳᠠᠨ ᠪᠢᠴᠢᠭᠡᠰᠤ ᠪᠠᠶᠢᠵᠦ᠂ ᠡᠷᠲᠡᠨ ᠤ ᠤᠮᠠᠷᠠᠲᠤ ᠶᠢᠨ ᠨᠡᠬᠦᠳᠡᠯᠴᠢᠨ ᠦᠨᠳᠤᠰᠤᠳᠡᠨ᠂ ᠲᠡᠷᠡᠴᠢᠯᠡᠨ ᠲᠡᠯᠡᠬᠡᠢ ᠶᠢᠨ ᠡᠯ᠎ᠡ ᠦᠨᠳᠤᠰᠤᠳᠡᠨ ᠤ ᠦᠭᠡ ᠬᠡᠯᠡ ᠦᠰᠦᠭ ᠪᠢᠴᠢᠭ ᠤᠨ ᠦᠷᠨᠢᠯ ᠬᠥᠭᠵᠢᠯ᠂ ᠤᠯᠠᠷᠢᠯᠲᠠ ᠬᠤᠪᠢᠷᠠᠯᠳᠠ ᠤᠨ ᠲᠡᠤᠬᠡᠨ ᠰᠤᠳᠤᠯᠤᠯᠳᠠ ᠶᠢᠨ ᠲᠠᠯ᠎ᠠ ᠪᠠᠷ ᠮᠠᠰᠢ ᠶᠡᠭᠡ ᠰᠤᠳᠤᠯᠭᠠᠨ ᠤ ᠦᠨ᠎ᠡ ᠴᠡᠨ᠎ᠡ ᠲᠠᠢ ᠢᠯᠡᠷᠡᠬᠦᠯᠦᠯᠲᠡ ᠪᠤᠯᠤᠭᠰᠠᠨ ᠪᠠᠶᠢᠨ᠎ᠠ᠃     ᠯ᠊᠂ ᠬᠤᠷᠴᠠᠪᠠᠭᠠᠳᠤᠷ 1983 ᠣᠨ ᠠᠴᠠ ᠡᠬᠢᠯᠡᠨ ᠭᠤᠴᠢᠭᠠᠳ ᠵᠢᠯ ᠤᠨ ᠲᠤᠷᠰᠢ᠂ ᠮᠣᠩᠭᠤᠯᠴᠤᠳ ᠤᠨ ᠤᠯᠠᠮᠵᠢᠯᠠᠯᠲᠤ ᠰᠤᠶᠦᠯ ᠲᠡᠦᠬᠡ ᠶᠢᠨ ᠲᠤᠬᠠᠶ ᠰᠤᠳᠤᠯᠤᠯ ᠢᠶᠠᠨ ᠪᠠᠷᠢᠮᠲᠠᠯᠠᠨ᠂ ᠬᠢᠴᠢᠶᠡᠨ ᠵᠢᠳᠬᠦᠵᠦ᠂ ︽ᠬᠠᠲᠠᠭᠢᠨ ᠠᠷᠪᠠᠨ ᠭᠤᠷᠪᠠᠨ ᠠᠳᠠᠭ᠎ᠠ ᠲᠡᠭᠷᠢ ᠶᠢᠨ ᠲᠠᠶᠢᠯᠭ᠎ᠠ︾᠂ ︽ᠮᠣᠩᠭᠤᠯ ᠪᠥᠭᠡ ᠮᠥᠷᠭᠦᠯ ᠤᠨ ᠲᠠᠶᠢᠯᠭ᠎ᠠ ᠲᠡᠬᠢᠯᠭ᠎ᠠ ᠶᠢᠨ ᠰᠤᠶᠦᠯ︾᠂ ︽ᠮᠣᠩᠭᠤᠯᠴᠤᠳ ᠤᠨ ᠤᠤᠭᠠᠯ ᠪᠢᠴᠢᠭ ᠤᠨ ᠰᠤᠶᠤᠯ ᠤᠨ ᠡᠭᠦᠰᠦᠯ ᠪᠤᠶᠤ ᠬᠥᠬᠡ ᠲᠦᠷᠦᠭ ᠪᠢᠴᠢᠭ︾ ᠵᠡᠷᠭᠡ 20 ᠭᠠᠷᠤᠢ ᠡᠷᠳᠡᠮ ᠰᠢᠨᠵᠢᠯᠡᠭᠡᠨ ᠤ ᠨᠣᠮ᠂ 50 ᠭᠠᠷᠦᠢ ᠡᠷᠳᠡᠮ ᠰᠢᠨᠵᠢᠯᠡᠭᠡᠨ ᠤ ᠥᠭᠦᠯᠡᠯ ᠲᠤᠭᠤᠷᠪᠢᠵᠤ᠂ ᠮᠣᠩᠭᠤᠯ᠂ ᠬᠢᠲᠠᠳ᠂ ᠭᠧᠷᠮᠡᠠ᠂ ᠶᠠᠫᠤᠨ ᠬᠢᠭᠡᠳ ᠺᠢᠷᠢᠯ ᠪᠢᠴᠢᠭ ᠢᠶᠠᠷ ᠬᠡᠪᠯᠡᠬᠦᠯᠵᠦ᠂ 2021 ᠣᠨ ᠳᠤ ᠭᠠᠳᠠᠭᠠᠳᠤ ᠶᠢᠨ ᠡᠷᠳᠡᠮᠲᠡᠳ ᠢ ᠤᠷᠮᠠᠰᠢᠭᠤᠯᠤᠨ ᠮᠢᠯᠢᠶᠠᠬᠤ ᠮᠣᠩᠭᠤᠯ ᠤᠯᠤᠰ ᠤᠨ ᠶᠡᠷᠦᠩᠬᠡᠶᠢᠯᠡᠭᠴᠢ ᠶᠢᠨ ︽ᠠᠯᠲᠠᠨ ᠭᠠᠳᠠᠰᠤ︾ ᠣᠳᠣᠨ ᠢ ᠲᠤᠰᠤᠭᠰᠠᠨ ᠪᠠᠶᠢᠨ᠎ᠠ᠃ 

9.18.1.jpg

9.18.2.jpg

 

9.18.3.jpg

 

9.18.4.jpg

 

9.18.5.jpg

 

9.18.6.jpg

 

9.18.7.jpg

 

9.18.8.jpg

 

9.18.9.jpg

 

ᠢᠷᠡᠯᠲᠡ᠄ ᠤᠷᠳᠤᠰ ᠮᠤᠩᠭᠤᠯ ᠰᠦᠯᠵᠢᠶ᠎ᠡ