ᠰᠦᠩ ᠱᠢ ᠯᠸᠢ ᠯᠢᠤ ᠮᠧᠩ ᠯᠢᠩ ᠲᠠᠩ ᠤᠯᠤᠰ ᠤᠨ ᠦᠶ᠎ᠡ ᠳᠤ᠂ ᠬᠢᠯᠢ ᠬᠢᠵᠠᠭᠠᠷ ᠤᠨ ᠨᠡᠬᠦᠳᠡᠯᠴᠢᠨ ᠦᠨᠳᠤᠰᠤᠳᠡᠨ ᠨᠦᠭᠦᠳ ᠤᠨ ᠡᠳᠤᠷ ᠲᠤᠳᠤᠮ ᠤᠨ ᠢᠳᠡᠬᠡᠨ | ᠤᠮᠳᠠᠭᠠᠨ ᠨᠢ ᠭᠤᠤᠯᠳᠠᠭᠤ ᠤᠯᠠᠭᠠᠨ ᠢᠳᠡᠭᠡᠨ᠂ ᠴᠠᠭᠠᠨ ᠢᠳᠡᠬᠡᠨ ᠪᠠᠶᠢᠬᠰᠠᠨ ᠪᠤᠯᠬᠤᠷ᠂ ᠢᠳᠡᠭᠡᠨ ᠤᠮᠳᠠᠭᠠᠨ ᠳᠤ ᠨᠢ ᠤᠭᠤᠷᠠᠭ ᠪᠠ ᠦᠬᠡᠬᠦ ᠶᠢᠨ ᠠᠭᠤᠯᠤᠬᠳᠠᠴᠨ | ᠦᠨᠳᠤᠷ ᠪᠠᠶᠢᠵᠤ᠂ ᠸᠢᠲ᠋ᠠᠮᠢᠨ ᠤ ᠠᠭᠤᠯᠤᠬᠳᠠᠴᠨ ᠶᠡᠬᠡᠳᠡᠢ ᠨᠤᠭᠤᠭ᠎ᠠ ᠵᠢᠮᠢᠰ ᠢ ᠲᠤᠩ ᠴᠦᠬᠡᠨ ᠢᠳᠡᠳᠡᠭ ᠪᠠᠶᠢᠵᠠᠢ᠃ ᠴᠠᠢ ᠨᠢ ᠤᠮᠳᠠᠭᠠᠨ ᠤ ᠨᠢᠬᠡ ᠵᠦᠢᠯ ᠪᠤᠯᠤᠬᠰᠠᠨ ᠤ | ᠬᠤᠪᠢ ᠳᠤ ᠦᠬᠡᠬᠦ ᠶᠢ ᠪᠠᠭᠤᠷᠠᠭᠤᠯᠬᠤ᠂ ᠰᠢᠩᠭᠡᠭᠡᠯᠳᠡ ᠶᠢ ᠰᠠᠶᠢᠵᠢᠷᠠᠭᠤᠯᠬᠤ ᠦᠢᠯᠡᠳᠤᠯ ᠲᠠᠢ ᠶᠤᠮ᠃ ᠲᠤᠮᠳᠠᠳᠤ ᠤᠷᠤᠨ ᠯᠤᠭ᠎ᠠ ᠶᠢᠨ ᠰᠤᠶᠤᠯ ᠤᠨ ᠰᠤᠯᠢᠯᠴᠠᠭᠠᠨ ᠤ | ᠶᠠᠪᠤᠴᠨ ᠳᠤ ᠤᠶᠢᠭᠤᠷ᠂ ᠲᠥᠪᠡᠳ᠂ ᠨᠠᠨ ᠵᠤᠤ ᠵᠡᠷᠬᠡ ᠬᠢᠯᠢ ᠬᠢᠵᠠᠭᠠᠷ ᠤᠷᠤᠨ ᠤ ᠴᠦᠬᠡᠨ ᠲᠤᠭᠠᠳᠤ ᠦᠨᠳᠤᠰᠤᠳᠡᠨ ᠨᠦᠭᠦᠳ ᠤᠨ ᠡᠯ᠎ᠡ ᠲᠠᠪᠬᠤᠷᠭ᠎ᠠ ᠶᠢᠨ ᠬᠢᠨ ᠤ | ᠲᠤᠮᠳᠠ ᠴᠠᠢ ᠤᠤᠭᠤᠬᠤ ᠵᠠᠩᠰᠢᠯ ᠢᠳᠡᠭ ᠢᠳᠡᠭ ᠢᠶᠠᠷ ᠲᠦᠭᠡᠭᠰᠡᠨ ᠢᠶᠠᠷ᠂ ᠲᠤᠮᠳᠠᠳᠤ ᠤᠷᠤᠨ ᠠᠴᠠ ᠴᠠᠢ ᠤᠷᠤᠭᠤᠯᠤᠨ ᠦᠳᠳᠡᠷ ᠲᠦᠷᠭᠡᠨ ᠨᠡᠮᠡᠭᠳᠡᠵᠤ ᠪᠦᠬᠦᠢ | ᠬᠡᠷᠡᠭᠯᠡᠬᠡᠨ ᠤ ᠱᠠᠭᠠᠷᠳᠠᠯᠭ᠎ᠠ ᠪᠠᠨ ᠬᠠᠨᠭ᠍ᠭᠠᠬᠤ ᠬᠡᠷᠡᠭᠳᠡᠢ ᠪᠤᠯᠤᠬᠰᠠᠨ ᠲᠡᠳᠤᠢ ᠦᠬᠡᠢ᠂ ︽ᠨᠢᠬᠡ ᠬᠤᠨᠤᠭ ᠴᠠᠢ ᠡᠰᠡ ᠤᠤᠭᠤᠪᠠᠰᠤ ᠤᠨᠳᠤᠷᠤᠯᠭ᠎ᠠ ᠰᠠᠭᠠᠷᠠᠵᠤ᠂ ᠬᠤᠶᠠᠷ | ᠬᠤᠨᠤᠭ ᠴᠠᠢ ᠡᠰᠡ ᠤᠤᠭᠤᠪᠠᠰᠤ ᠪᠡᠶ᠎ᠡ ᠡᠪᠡᠳᠴᠢᠯᠡᠬᠦᠢ︾ ᠪᠠᠶᠢᠳᠠᠯ ᠳᠤᠷ ᠬᠦᠷᠦᠭᠰᠡᠨ ᠪᠠᠶᠢᠨ᠎ᠠ᠃ | ᠨᠢᠬᠡ᠂ ᠴᠠᠢ ᠤᠶᠢᠭᠤᠷ ᠲᠤ ᠤᠷᠤᠬᠰᠠᠨ ᠨᠢ᠄ ᠰᠠᠶᠢᠨ ᠮᠤᠷᠢ ᠪᠠᠷ ᠴᠠᠢ ᠰᠤᠯᠢᠭᠠᠳ ᠬᠦᠯ ᠭᠠᠵᠠᠷ ᠬᠦᠷᠬᠦ ᠦᠬᠡᠢ ᠪᠠᠶᠠᠷᠯᠠᠨ ᠡᠬᠡᠮᠤᠢ | ︽ᠯᠦᠸᠧᠶᠠᠩ ᠬᠤᠳᠠ ᠶᠢᠨ ᠰᠦᠮ᠎ᠡ ᠬᠡᠶᠢᠳ ᠢ ᠲᠤᠭᠤᠷᠢᠨ ᠦᠵᠡᠭᠰᠡᠨ ᠲᠡᠮᠳᠡᠭᠯᠡᠯ︾ ᠳᠤ ᠡᠮᠦᠨᠡᠳᠤ ᠲᠦᠷᠤ ᠶᠢᠨ ᠶᠡᠭᠡ ᠲᠦᠰᠢᠮᠡᠯ ᠸᠠᠩ ᠰᠤ᠋ ᠤᠮᠠᠷᠠᠳᠤ ᠸᠧᠢ | ᠤᠯᠤᠰ ᠲᠤ ᠨᠤᠶᠠᠨ ᠪᠤᠯᠬᠤ ᠪᠠᠷ ᠤᠴᠢᠬᠤ ᠳᠤ ᠪᠠᠨ ᠴᠠᠢ ᠤᠤᠭᠤᠬᠤ ᠲᠠᠳᠬᠠᠯ ᠢ ᠠᠪᠴᠤ ᠤᠴᠢᠭᠠᠳ ᠲᠦᠰᠢᠮᠡᠳ ᠲᠤ ᠡᠯᠡᠭᠯᠡᠭᠳᠡᠭᠰᠡᠨ ᠬᠡᠬᠦ ᠲᠡᠮᠳᠡᠭᠯᠡᠯ ᠪᠤᠢ᠃ ᠡᠨᠡ ᠨᠢ | ᠤᠮᠠᠷᠠᠳᠤ ᠸᠧᠢ ᠤᠯᠤᠰ ᠤᠨ ᠬᠢᠨ ᠴᠠᠢ ᠶᠢ ᠨᠢᠬᠡᠨᠳᠡ ᠤᠶᠢᠯᠠᠭᠠᠬᠰᠠᠨ ᠪᠤᠯᠪᠠᠴᠤ ᠲᠤᠬᠠᠢ ᠶᠢᠨ ᠨᠤᠳᠤᠭ ᠲᠤ ᠴᠠᠢ ᠤᠤᠭᠤᠬᠰᠠᠳ ᠬᠠᠷᠠᠬᠠᠨ ᠬᠤᠪᠤᠷ ᠪᠠᠶᠢᠬᠰᠠᠨ ᠢ | ᠬᠠᠷᠠᠭᠤᠯᠵᠤ ᠪᠤᠢ᠃ ᠡᠮᠦᠨᠡᠳᠤ ᠤᠮᠠᠷᠠᠳᠤ ᠲᠦᠷᠤ ᠶᠢᠨ ᠠᠭᠤᠰᠤᠯᠴᠠᠭ᠎ᠠ᠂ ᠤᠨᠴᠠᠭᠠᠶᠢᠯᠠᠨ ᠰᠦᠢ ᠲᠠᠩ ᠤᠯᠤᠰ ᠤᠨ ᠨᠢᠬᠡᠳᠤᠯ ᠢ ᠲᠠᠭᠠᠯᠳᠤᠨ ᠡᠮᠦᠨᠡᠳᠤ ᠤᠷᠤᠨ ᠤ ᠬᠢᠨ ᠤ | ᠴᠠᠢ ᠤᠤᠭᠤᠬᠤ ᠵᠠᠩᠰᠢᠯ ᠤᠮᠠᠷᠠᠳᠤ ᠤᠷᠤᠨ᠎ᠠ ᠦᠷᠬᠡᠨ ᠢᠶᠠᠷ ᠤᠯᠠᠮᠵᠢᠯᠠᠬᠳᠠᠬᠰᠠᠨ ᠢᠶᠠᠷ ︽ᠹᠸᠡᠭ ᠤᠪᠤᠬᠳᠤ ᠶᠢᠨ ᠦᠵᠡᠵᠤ ᠰᠤᠨᠤᠰᠤᠬᠰᠠᠨ ᠲᠡᠮᠳᠡᠭᠯᠡᠯ︾ ᠳᠤ᠂ ᠯᠢᠩ ᠶᠠᠨ | ᠰᠧ ᠬᠡᠶᠢᠳ ᠤᠨ ᠬᠤᠸᠠᠷᠠᠭ ᠪᠢᠰᠢᠯᠭᠠᠯ ᠳᠤᠷ ᠰᠠᠭᠤᠬᠤᠢ ᠳᠤᠷ ᠤᠨᠳᠠᠵᠤ ᠪᠤᠯᠬᠤ ᠦᠬᠡᠢ᠂ ᠤᠷᠤᠢ ᠶᠢᠨ ᠬᠤᠭᠤᠯᠨ ᠢᠳᠡᠵᠤ ᠪᠤᠯᠬᠤ ᠦᠬᠡᠢ ᠪᠤᠯᠪᠠᠴᠤ ᠴᠠᠢ ᠤᠤᠭᠤᠵᠤ | ᠪᠤᠯᠤᠮᠤᠢ ᠭᠡᠵᠤ ᠲᠡᠮᠳᠡᠭᠯᠡᠭᠰᠡᠨ ᠪᠠᠶᠢᠳᠠᠭ᠃ ᠬᠤᠵᠢᠮ ᠨᠢ ᠬᠠᠮᠢᠭ᠎ᠠ ᠭᠠᠵᠠᠷ ᠤᠨ ᠬᠤᠸᠠᠷᠠᠭ ᠴᠤ ᠴᠦᠮ ᠴᠠᠢ ᠲᠠᠢ ᠶᠠᠪᠤᠵᠤ᠂ ᠴᠠᠢ ᠴᠢᠨᠠᠵᠤ ᠤᠤᠭᠤᠳᠠᠭ ᠪᠤᠯᠵᠤ᠂ | ᠰᠡᠬᠦᠯ ᠳᠤ ᠨᠢ ᠴᠠᠢ ᠤᠤᠭᠤᠬᠤ ᠨᠢ ᠪᠦᠷ ᠲᠠᠳᠬᠠᠯ ᠪᠤᠯᠵᠠᠢ᠃ | ᠲᠠᠩ ᠤᠯᠤᠰ ᠤᠨ ᠦᠶ᠎ᠡ ᠳᠤ᠂ ᠤᠮᠠᠷᠠᠳᠤ ᠤᠷᠤᠨ᠎ᠠ ᠴᠠᠢ ᠤᠤᠭᠤᠬᠤ ᠵᠠᠩᠰᠢᠯ ᠲᠡᠯᠬᠡᠷᠡᠭᠰᠡᠨ ᠨᠢ ᠪᠠᠷᠠᠭᠤᠨ ᠬᠤᠶᠢᠳᠤ ᠤᠷᠤᠨ ᠤ ᠬᠢᠯᠢ ᠬᠢᠵᠠᠭᠠᠷ ᠤᠨ ᠬᠢᠨ ᠤ ᠴᠠᠢ | ᠤᠤᠭᠤᠬᠤ ᠲᠠᠳᠬᠠᠯ ᠢ ᠲᠠᠶᠢᠴᠢᠯᠠᠬᠰᠠᠨ ᠠᠵᠢ᠃ ᠬᠠᠭᠤᠴᠢ ᠰᠤᠳᠤᠯᠤᠯ ᠢᠶᠠᠷ ᠢᠯᠡᠷᠡᠬᠦᠯᠦᠭᠰᠡᠨ ᠰᠢᠨᠵᠢᠶᠠᠩ ᠤᠨ ᠲᠠᠩ ᠤᠯᠤᠰ ᠤᠨ ᠦᠶ᠎ᠡ ᠶᠢᠨ ᠤᠡᠭᠭᠤᠨ ᠠᠴᠠ | ᠤᠯᠳᠠᠬᠰᠠᠨ ᠲᠡᠤᠬᠡᠨ ᠲᠤᠷᠠᠰᠬᠠᠯᠳᠤ ᠵᠦᠢᠯᠡᠰ ᠤᠨ ᠲᠤᠳᠤᠷᠠᠬᠢ ︽ᠬᠤᠯᠤᠰᠤᠨ ᠰᠠᠷᠠᠪᠴᠢᠨᠠ ᠰᠢᠳᠠᠷ᠎ᠠ ᠲᠠᠯᠪᠢᠬᠤᠢ ᠵᠢᠷᠤᠭ︾ ᠬᠡᠬᠦ ᠲᠤᠷᠭᠠᠨ ᠵᠢᠷᠤᠭ ᠤᠨ ᠲᠡᠭᠡᠳᠤ | ᠲᠠᠯ᠎ᠠ ᠳᠤ ᠨᠢ ᠲᠠᠪᠠᠭ ᠲᠤ ᠴᠠᠢ ᠪᠠᠷᠢᠵᠤ ᠪᠠᠶᠢᠭ᠎ᠠ ᠵᠠᠷᠤᠳᠠᠰᠤ ᠡᠮᠡᠭᠳᠡᠢ ᠶᠢᠨ ᠵᠢᠷᠤᠭ ᠢ ᠵᠢᠷᠤᠬᠰᠠᠨ ᠨᠢ ᠴᠠᠢ ᠶᠢᠨ ᠠᠷᠠᠯᠵᠢᠶ᠎ᠠ ᠪᠠ ᠴᠠᠢ ᠤᠤᠭᠤᠬᠤ ᠵᠠᠩᠰᠢᠯ ᠰᠢᠨᠵᠢᠶᠠᠩ | ᠤᠷᠤᠨ᠎ᠠ ᠤᠷᠤᠬᠰᠠᠨ ᠤ ᠬᠡᠷᠡᠴᠢ ᠪᠤᠯᠤᠨ᠎ᠠ᠃ ᠲᠠᠩ ᠤᠯᠤᠰ ᠤᠨ ᠲᠤᠮᠳᠠᠴᠢ ᠪᠠᠷ ᠲᠤᠮᠳᠠᠳᠤ ᠤᠷᠤᠨ ᠤ ᠴᠠᠢ ᠤᠤᠭᠤᠬᠤ ᠵᠠᠩᠰᠢᠯ ᠪᠠᠷᠠᠭᠤᠨ ᠬᠤᠶᠢᠳᠤ ᠬᠢᠯᠢ ᠬᠢᠵᠠᠭᠠᠷ | ᠤᠷᠤᠨ᠎ᠠ ᠤᠯᠠᠮ ᠴᠢᠨᠠᠬᠰᠢᠳᠠ ᠲᠡᠯᠬᠡᠷᠡᠭᠰᠡᠨ ᠠᠵᠢ᠃ | ᠴᠦᠬᠡᠨ ᠲᠤᠭᠠᠳᠤ ᠦᠨᠳᠤᠰᠤᠳᠡᠨ ᠤ ᠭᠠᠵᠠᠷ ᠤᠷᠤᠨ ᠳᠤ ᠮᠢᠨᠳᠠᠰᠤ᠂ ᠲᠤᠷᠭ᠎ᠠ᠂ ᠴᠠᠢ ᠶᠢ ᠮᠠᠰᠢᠳᠠ ᠬᠡᠷᠡᠭᠰᠡᠵᠦ᠂ ᠲᠤᠮᠳᠠᠳᠤ ᠤᠷᠤᠨ ᠤ ᠬᠢᠨ ᠴᠤ ᠠᠳᠤᠭᠤ | ᠤᠯᠬᠤ ᠶᠢ ᠬᠦᠰᠡᠳᠡᠭ ᠠᠴᠠ ᠪᠤᠯᠤᠭᠠᠳ ᠪᠤᠳᠠᠰ ᠢ ᠪᠤᠳᠠᠰ ᠢᠶᠠᠷ ᠰᠤᠯᠢᠬᠤ ᠰᠢᠨᠵᠢ ᠪᠦᠬᠦᠢ ᠬᠢᠯᠢ ᠶᠢᠨ ᠠᠷᠠᠯᠵᠢᠶ᠎ᠠ ᠲᠠᠩ ᠤᠯᠤᠰ ᠤᠨ ᠦᠶ᠎ᠡ ᠳᠤ ᠬᠦᠭᠵᠢᠵᠤ ᠡᠬᠢᠯᠡᠭᠰᠡᠨ | ᠶᠤᠮ᠃ ᠲᠠᠩ ᠤᠯᠤᠰ ᠤᠨ ᠳ᠋ᠧᠽᠦ᠋ᠡᠭ ᠬᠠᠭᠠᠨ ᠤ ᠵᠧᠨ ᠶᠤᠸᠠᠨ ᠤ ᠤᠨ ︵785 — 805 ᠤᠨ︶ ᠳᠤ ︽ᠪᠠᠷᠠᠭᠤᠨ ᠬᠤᠶᠢᠳᠤ ᠬᠢᠯᠢ ᠬᠢᠵᠠᠭᠠᠷ ᠤᠨ ᠤᠶᠢᠭᠤᠷ | ᠨᠢᠬᠡᠨᠳᠡ ᠲᠠᠩ ᠤᠯᠤᠰ ᠯᠤᠭ᠎ᠠ ᠴᠠᠢ ᠠᠳᠤᠭᠤᠨ ᠤ ᠠᠷᠠᠯᠵᠢᠶᠠᠨ ᠤ ᠵᠠᠬ᠎ᠠ ᠭᠠᠷᠭᠠᠬᠰᠠᠨ︾ ᠬᠡᠰᠡᠨ ᠲᠤᠳᠤᠷᠬᠠᠢ ᠲᠡᠮᠳᠡᠭᠯᠡᠯ ᠪᠤᠢ᠃ ᠹᠸᠡᠭ ᠶᠢᠨ ︽ᠹᠸᠡᠭ ᠤᠪᠤᠠᠠᠳᠤ ᠶᠢᠨ | ᠦᠵᠡᠵᠤ ᠰᠤᠨᠤᠰᠤᠬᠰᠠᠨ ᠲᠡᠮᠳᠡᠭᠯᠡᠯ︾ ᠳᠤ ᠪᠠᠨ ︽ᠦᠡᠭᠭᠡᠷᠡᠭᠰᠡᠨ ᠳᠤᠷ ᠤᠶᠢᠭᠤᠷ ᠨᠠᠷ ᠲᠦᠷᠤ ᠳᠤᠷ ᠪᠠᠷᠠᠭᠠᠯᠠᠬᠤᠢ ᠳᠤᠷ ᠰᠠᠶᠢᠨ ᠮᠤᠷᠢ ᠬᠦᠬᠡᠬᠡᠵᠤ ᠢᠷᠡᠬᠡᠳ ᠴᠠᠢ | ᠰᠤᠯᠢᠵᠤ ᠠᠷᠠᠯᠵᠢᠭᠠᠤᠨ ᠪᠤᠴᠠᠳᠠᠭ ᠨᠢ ᠮᠦᠨ ᠴᠤ ᠰᠤᠨᠢᠨ ᠪᠢᠰᠢ ᠪᠤᠯᠪᠠᠢ︾ ᠭᠡᠵᠡᠢ᠃ ︽ᠰᠤᠨᠢᠨ ᠪᠢᠰᠢ ᠪᠤᠯᠪᠠᠢ︾ ᠬᠡᠳᠡᠭ ᠠᠴᠠ ᠦᠵᠡᠪᠡᠯ ᠲᠤᠬᠠᠢ ᠶᠢᠨ ᠦᠶ᠎ᠡ ᠶᠢᠨ | ᠬᠦᠮᠦᠰ ᠴᠠᠢ ᠪᠠᠷ ᠠᠳᠤᠭᠤ ᠰᠤᠯᠢᠬᠤ ᠶᠢ ᠨᠢᠬᠡᠨᠳᠡ ᠭᠠᠶᠢᠬᠠᠬᠤ ᠪᠠᠨ ᠪᠤᠯᠢᠵᠠᠢ᠃ ︽ᠬᠦᠬᠡᠬᠡᠵᠤ ᠢᠷᠡᠬᠡᠳ︾ ᠬᠡᠳᠡᠭ ᠦᠬᠡᠨ ᠠᠴᠠ ᠪᠢᠳᠡ ᠲᠤᠬᠠᠢ ᠶᠢᠨ ᠦᠶ᠎ᠡ ᠶᠢᠨ | ᠤᠶᠢᠭᠤᠷᠴᠤᠳ ᠳᠣᠲᠣᠷ᠎ᠠ ᠭᠠᠵᠠᠷ ᠢᠷᠡᠳᠡᠭ ᠤᠨ ᠲᠤᠯᠭᠠᠮ ᠬᠦᠰᠡᠯ ᠤᠨ ᠨᠢᠬᠡ ᠪᠤᠯ ᠴᠠᠢ ᠬᠤᠳᠠᠯᠳᠤᠵᠤ ᠠᠪᠤᠭᠠᠳ ᠭᠠᠨᠵᠤᠭ᠎ᠠ ᠲᠦᠬᠦᠷᠡᠩ ᠡᠬᠡᠬᠦ ᠶᠠᠪᠤᠳᠠᠯ ᠬᠡᠳᠡᠭ ᠢ | ᠮᠠᠭᠠᠳᠯᠠᠵᠤ ᠪᠤᠯᠬᠤ ᠠᠵᠢ᠃ ᠡᠨᠡ ᠬᠦ ᠬᠦᠰᠡᠯ ᠨᠢ ᠨᠢᠬᠡᠨᠳᠡ ᠪᠡᠶᠡᠯᠡᠭᠳᠡᠪᠡᠰᠤ ᠬᠦᠯ ᠨᠢ ᠭᠠᠵᠠᠷ ᠬᠦᠷᠬᠦ ᠦᠬᠡᠢ ᠪᠠᠶᠠᠷᠯᠠᠳᠠᠭ ᠪᠠᠶᠢᠵᠠᠢ᠃ | | | ᠬᠤᠶᠠᠷ᠂ ᠴᠠᠢ ᠲᠦᠪᠡᠳ ᠲᠤ ᠤᠷᠤᠬᠰᠠᠨ ᠨᠢ᠄ ᠤᠷᠤᠬᠴᠠᠭᠠᠬᠰᠠᠨ ᠪᠠ ᠳᠣᠲᠣᠷ᠎ᠠ ᠭᠠᠵᠠᠷ ᠤᠨ ᠴᠠᠢ ᠬᠢᠭᠡᠤᠨ ᠴᠠᠢ ᠶᠢᠨ ᠬᠡᠷᠡᠭᠰᠡᠯ ᠶᠡᠭᠡ ᠪᠠᠷ ᠤᠷᠤᠠᠠᠰᠠᠨ ᠨᠢ | ᠲᠠᠩ ᠤᠯᠤᠰ ᠤᠨ ᠵᠧᠨ ᠭᠤᠸᠠᠨ ᠤ ᠨᠠᠢᠮᠠᠳᠤᠭᠠᠷ ᠤᠨ ︵634 ᠤᠨ︶ ᠳᠤ ᠰᠦᠡᠭᠽᠠᠠᠺᠠᠮᠪᠤ ᠴᠠᠩ ᠠᠨ ᠳᠤ ᠡᠯᠴᠢᠨ ᠲᠤᠮᠢᠯᠠᠵᠤ᠂ ᠲᠠᠩ ᠤᠯᠤᠰ ᠤᠨ ᠰᠤᠶᠤᠯ ᠢ | ᠲᠤᠭᠤᠷᠢᠨ ᠦᠵᠡᠬᠦᠯᠵᠠᠢ᠂ ᠲᠦᠪᠡᠳ ᠪᠠᠷᠤᠭ ᠯᠨ ᠡᠨᠡ ᠦᠶ᠎ᠡ ᠳᠤ ᠴᠠᠢ ᠪᠠᠶᠢᠳᠠᠭ ᠭᠡᠰᠡᠨ ᠢ ᠮᠡᠳᠡᠭᠰᠡᠨ ᠪᠠᠶᠢᠬ᠎ᠠ᠃ ᠯᠢ ᠪᠢᠨ ᠴᠸᠡᠭ ᠤᠨ ᠦᠵᠡᠬᠦ ᠪᠠᠷ ᠲᠦᠪᠡᠳ ᠤᠨ ᠴᠠᠢ | ᠤᠤᠭᠤᠬᠤ ᠵᠠᠩᠰᠢᠯ ᠤᠨ ᠪᠦᠷᠢᠯᠳᠦᠭᠰᠡᠨ ᠨᠢ ᠭᠤᠤᠯᠳᠠᠭᠤ ᠲᠠᠩ ᠤᠯᠤᠰ ᠤᠨ ᠤᠷᠤᠬᠴᠠᠭᠠᠬᠤ ᠲᠦᠷᠤ ᠶᠢᠨ ᠪᠤᠳᠤᠯᠭ᠎ᠠ ᠶᠢᠨ ᠠᠴᠢ ᠭᠡᠵᠡᠢ᠃ ᠦᠬᠡᠷ᠎ᠡ ᠪᠠᠷ ᠬᠡᠯᠡᠪᠡᠯ ᠵᠧᠨ | ᠭᠤᠸᠠᠨ ᠤ ᠠᠷᠪᠠᠨ ᠲᠠᠪᠤᠳᠤᠭᠠᠷ ᠤᠨ ᠳᠤ ᠸᠧᠨ ᠴᠸᠡᠭ ᠬᠦᠡᠭᠵᠤ ᠰᠦᠡᠭᠽᠠᠨᠺᠠᠮᠪᠤ ᠳᠤ᠂ ᠵᠢᠩ ᠯᠦᠡᠭ ᠤᠨ ᠲᠦᠷᠪᠡᠳᠤᠬᠡᠷ ᠤᠨ ᠳᠤ ᠶᠢᠨ ᠴᠸᠡᠭ ᠬᠦᠡᠭᠵᠤ | ᠺᠾᠷᠢᠯᠳᠧᠼᠦ᠋ᠡᠭᠼᠠᠨ ᠳᠤ ᠮᠤᠷᠳᠠᠵᠤ ᠲᠦᠪᠡᠳ ᠲᠤ ᠤᠴᠢᠬᠤ ᠳᠤ ᠪᠠᠨ ᠴᠦᠮ ᠴᠠᠢ ᠶᠢ ᠦᠨᠳᠦᠷᠯᠢᠭ ᠤᠨ ᠤᠷᠤᠨ ᠳᠤ ᠠᠪᠴᠤ ᠬᠦᠷᠴᠡᠢ᠃ 1328 ᠤᠨ ᠳᠤ | ᠰᠤᠨᠤᠮᠵᠠᠯᠰᠠᠨ ᠤ ᠪᠢᠴᠢᠭᠰᠡᠨ ︽ᠲᠦᠪᠡᠳ ᠸᠠᠩ ᠤᠨ ᠪᠦᠷᠢᠳᠬᠡᠯ︾ ᠨᠢ ᠸᠧᠨ ᠴᠸᠡᠭ ᠬᠦᠡᠭᠵᠤ ᠴᠠᠢ ᠶᠢ ᠲᠦᠪᠡᠳ ᠤᠷᠤᠨ᠎ᠠ ᠲᠡᠯᠬᠡᠷᠡᠬᠦᠯᠬᠦ ᠳᠤ ᠬᠤᠪᠢ ᠨᠡᠮᠡᠷᠢ | ᠦᠵᠡᠬᠦᠯᠦᠭᠰᠡᠨ ᠤ ᠬᠡᠷᠡᠴᠢ ᠪᠤᠯᠤᠨ᠎ᠠ᠃ ︽ᠸᠧᠨ ᠴᠸᠡᠭ ᠬᠦᠡᠭᠵᠤ ᠠᠴᠠ ᠡᠬᠢᠯᠡᠬᠡᠳ ᠴᠠᠢ ᠲᠦᠪᠡᠳ ᠲᠤᠷ ᠤᠷᠤᠬᠰᠠᠨ ᠪᠤᠯᠠᠢ︾ ᠬᠡᠳᠡᠭ ᠲᠡᠮᠳᠡᠭᠯᠡᠯ ᠨᠡᠯᠢᠶᠡᠳ | ᠡᠷᠳᠡᠨ ᠤ ᠬᠢ ᠪᠤᠯᠬᠤᠷ ᠤᠯᠠᠩᠭᠢ ᠡᠷᠳᠡᠮᠳᠡᠡ ᠢᠳᠡᠬᠡᠳᠡᠭ᠃ | ︽ᠬᠢᠳᠡᠳ ᠲᠦᠪᠡᠳ ᠤᠨ ᠲᠡᠤᠬᠡ ᠶᠢᠨ ᠴᠢᠭᠤᠯᠭᠠᠨ︾ ᠳᠤ ᠴᠠᠢ ᠯᠤᠭ᠎ᠠ ᠬᠤᠯᠪᠤᠭ᠎ᠠ ᠲᠠᠢ ᠬᠤᠶᠠᠷ ᠦᠯᠢᠬᠡᠷ ᠢ ᠲᠡᠮᠳᠡᠭᠯᠡᠵᠤ ᠪᠤᠢ᠃ ᠨᠢᠬᠡ ᠨᠢ᠂ ᠳ᠋ᠤᠰᠧᠷᠤᠩ | ᠮᠠᠩᠪᠤᠵᠢ ᠤᠭ ᠨᠢ ᠪᠡᠶ᠎ᠡ ᠰᠤᠯᠨ᠂ ᠬᠡᠨᠡᠳᠳᠡ ᠨᠢᠬᠡ ᠡᠳᠤᠷ ᠰᠢᠪᠠᠭᠤᠨ ᠤ ᠵᠠᠭᠤᠵᠤ ᠢᠷᠡᠭᠰᠡᠨ ᠮᠤᠳᠤ ᠶᠢ ᠠᠮᠳᠠᠯᠠᠩᠭᠤᠳᠠ ᠴᠡᠬᠡᠵᠢ ᠵᠢᠷᠤᠬᠡ ᠨᠢ ᠰᠠᠷᠠᠭᠤᠯᠵᠢᠬᠰᠠᠨ ᠳᠤ | ᠡᠯᠢᠬᠡ ᠵᠢᠷᠤᠬᠡ ᠮᠡᠳᠤ ᠲᠤᠳᠤᠨᠤ ᠶᠡᠭᠡ ᠲᠦᠰᠢᠮᠡᠯ ᠢᠶᠠᠨ ᠲᠤᠮᠢᠯᠠᠵᠤ ᠡᠷᠢᠬᠦᠯᠦᠭᠰᠡᠨᠡ ᠲᠤᠮᠳᠠᠳᠤ ᠤᠷᠤᠨ ᠠᠴᠠ ᠲᠡᠬᠦᠨ ᠢ ᠡᠷᠢᠵᠤ ᠤᠯᠤᠭᠠᠳ ᠶᠡᠭᠡ ᠲᠦᠰᠢᠮᠡᠯ ᠨᠢ | ᠪᠦᠳᠦᠬᠦᠨ ᠨᠢᠬᠡ ᠪᠤᠭᠤᠵᠢ ᠴᠠᠢ ᠠᠪᠴᠢᠷᠠᠪᠠ᠂ ᠽᠠᠮᠪᠤ ᠡᠬᠦᠨ ᠢ ᠴᠢᠨᠠᠵᠤ ᠤᠤᠭᠤᠬᠰᠠᠨ ᠳᠤ᠂ ᠪᠡᠶ᠎ᠡ ᠨᠢ ᠡᠳᠤᠷ ᠠᠴᠠ ᠡᠳᠤᠷ ᠰᠠᠶᠢᠵᠢᠷᠠᠬᠰᠠᠨ ᠢᠶᠠᠷ ᠡᠨᠡ ᠬᠦ ᠶᠠᠭᠤᠮ᠎ᠠ ᠶᠢ | ᠲᠡᠬᠡᠳᠤ ᠲᠡᠰ ᠤᠨ ᠡᠷᠡᠬᠦᠯᠵᠢᠯ ᠤᠨ ᠡᠳ᠋ ᠪᠤᠯᠭᠠᠬᠰᠠᠨ ᠨᠢ ᠴᠠᠢ ᠠᠵᠤᠭᠤ᠃ ᠨᠦᠬᠦᠬᠡ ᠦᠯᠢᠬᠡᠷ ᠨᠢ ᠲᠦᠪᠡᠳ ᠤᠨ ᠶᠡᠭᠡ ᠲᠦᠰᠢᠮᠡᠯ ᠲᠤᠮᠢ · ᠽᠠᠮᠪᠤᠳᠠ᠂ | ᠰᠦᠡᠭᠽᠠᠠᠺᠠᠮᠪᠤ ᠶᠢᠨ ᠵᠠᠷᠯᠢᠭ ᠢᠶᠠᠷ ᠲᠦᠪᠡᠳ ᠪᠢᠴᠢᠭ ᠢ ᠵᠤᠬᠢᠶᠠᠬᠤᠢ ᠳᠤ ᠲᠠᠷᠢᠬᠢ ᠪᠠᠨ ᠭᠠᠰᠢᠯᠭᠠᠭᠠᠳ ᠤᠬᠠᠭᠠᠨ ᠢ ᠤᠯᠬᠤ ᠦᠬᠡᠢ ᠪᠠᠶᠢᠠᠠᠰᠠᠨ ᠳᠤ ᠨᠢᠬᠡᠨ ᠰᠦᠨᠢ ᠨᠢᠭᠡ | ᠬᠦᠭᠰᠢᠨ ᠡᠮᠡᠭᠡᠨ ᠵᠡᠬᠦᠳᠤᠯᠡᠭᠳᠡᠵᠡᠢ᠃ ᠬᠠᠮᠢᠭ᠎ᠠ ᠤᠴᠢᠬᠤ ᠶᠢ ᠨᠢ ᠠᠰᠠᠭᠤᠬᠰᠠᠨ ᠳᠤ ᠬᠦᠭᠰᠢᠨ ᠡᠮᠡᠭᠡᠨ᠄ ︽ᠰᠠᠬᠠᠷ ᠠᠴᠠ ᠢᠷᠡᠪᠡᠢ᠂ ᠲᠤᠭᠤᠨ ᠳᠤᠷ ᠡᠴᠢᠮᠤᠢ︾ ᠬᠡᠮᠡᠪᠡᠢ᠃ | ᠪᠠᠰᠨ᠄ ︽ᠶᠠᠮᠠᠷ ᠬᠦᠨᠡᠰᠤ ᠠᠪᠴᠤ ᠶᠠᠪᠤᠮᠤᠢ︖︾ ᠬᠡᠮᠡᠨ ᠠᠰᠠᠭᠤᠬᠤᠢ ᠳᠤᠷ᠄ ︽ᠴᠠᠢ ᠪᠠᠶᠢᠮᠤᠢ︾ ᠬᠡᠮᠡᠵᠤᠬᠦᠢ᠃ ᠲᠤᠮᠢ ᠨᠦᠢᠷ ᠠᠴᠠ ᠪᠠᠨ ᠰᠡᠷᠢᠭᠡᠤᠨ ᠰᠡᠬᠡᠰᠬᠢᠨ | ᠤᠬᠠᠭᠠᠷᠠᠪᠠ᠃ ᠵᠡᠬᠦᠳᠤᠨ ᠳᠤ ᠪᠠᠨ ᠬᠦᠭᠰᠢᠨ ᠡᠮᠡᠭᠡᠨ ᠯᠦᠭᠡ ᠬᠡᠯᠡᠯᠴᠡᠭᠰᠡᠨ ᠦᠬᠡᠨ ᠳᠤ ᠨᠢ ᠡᠨᠡᠳᠭᠡᠭ ᠴᠠᠭᠠᠨ ᠲᠤᠯᠤᠭᠠᠢ ᠳᠤ ᠪᠠᠶᠢᠬᠤ ᠦᠬᠡᠢ ᠵᠢᠷᠭᠤᠭᠠᠨ ᠴᠠᠭᠠᠨ | ᠲᠤᠯᠤᠭᠠᠢ ᠶᠢᠨ ᠦᠰᠦᠭ ᠤᠷᠤᠬᠰᠠᠨ ᠭᠡᠨ᠎ᠡ᠂ ᠡᠬᠦᠨ ᠠᠴᠠ ᠪᠤᠯᠵᠤ ᠲᠦᠪᠡᠳ ᠦᠰᠦᠭ ᠤᠨ 30 ᠴᠠᠭᠠᠨ ᠲᠤᠯᠤᠭᠠᠢ ᠶᠢ ᠡᠬᠦᠳᠤᠨ ᠵᠤᠬᠢᠶᠠᠬᠰᠠᠨ ᠭᠡᠳᠡᠭ᠃ ᠲᠤᠮᠢ ᠪᠤᠯ | ᠲᠤᠯᠤᠳᠤᠭᠠᠷ ᠵᠠᠭᠤᠨ ᠳᠤ ᠠᠮᠢᠳᠤᠷᠠᠵᠤ ᠪᠠᠶᠢᠠᠠᠰᠠᠨ ᠰᠦᠡᠭᠽᠠᠠᠺᠠᠮᠪᠤ ᠶᠢᠨ ᠲᠤᠯᠤᠭᠠᠨ ᠰᠢᠳᠤᠷᠭᠤ ᠲᠦᠰᠢᠮᠡᠯ ᠤᠨ ᠨᠢᠬᠡ ᠨᠢ ᠪᠤᠯᠤᠨ᠎ᠠ᠃ ᠴᠠᠢ ᠲᠤᠯᠤᠳᠤᠭᠠᠷ ᠵᠠᠭᠤᠨ ᠳᠤ | ᠨᠢᠬᠡᠨᠳᠡ ᠲᠦᠪᠡᠳ ᠲᠤ ᠤᠷᠤᠬᠰᠠᠨ ᠲᠡᠳᠤᠢ ᠦᠬᠡᠢ ᠲᠦᠪᠡᠳ ᠤᠨ ᠰᠤᠶᠤᠯ ᠳᠤ ᠴᠤ ᠨᠡᠯᠢᠶᠡᠳ ᠴᠢᠬᠤᠯᠨ ᠪᠠᠶᠢᠷᠢ ᠰᠠᠭᠤᠷᠢ ᠲᠠᠢ ᠪᠠᠶᠢᠬᠰᠠᠨ ᠪᠠᠶᠢᠨ᠎ᠠ ᠭᠡᠳᠡᠭ ᠢ ᠡᠨᠡ | ᠬᠤᠶᠠᠷ ᠦᠯᠢᠬᠡᠷ ᠭᠡᠷᠡᠴᠢᠯᠡᠨ᠎ᠡ᠃ ᠲᠤᠯᠤᠳᠤᠭᠠᠷ ᠵᠠᠭᠤᠨ ᠤ ᠰᠡᠬᠦᠯᠴᠢ ᠠᠴᠠ ᠨᠠᠢᠮᠠᠳᠤᠭᠠᠷ ᠵᠠᠭᠤᠨ ᠪᠤᠯᠳᠠᠯ᠎ᠠ ᠲᠤᠮᠳᠠᠳᠤ ᠤᠷᠤᠨ ᠤ ᠴᠠᠢ ᠲᠦᠪᠡᠳ ᠲᠤ ᠶᠡᠭᠡ ᠬᠡᠮᠵᠢᠶ᠎ᠡ ᠪᠠᠷ | ᠤᠷᠤᠵᠠᠢ᠃ ᠴᠠᠢ ᠤᠷᠤᠬᠤ ᠶᠢ ᠲᠠᠭᠠᠯᠳᠤᠨ ᠴᠠᠢ ᠶᠢᠨ ᠬᠡᠷᠡᠭᠰᠡᠯ ᠦᠢᠯᠡᠳᠬᠦ ᠦᠢᠯᠡᠰ ᠲᠦᠪᠡᠳ ᠲᠤ ᠬᠦᠭᠵᠢᠵᠤ ᠡᠬᠢᠯᠡᠪᠡ᠃ ︽ᠬᠢᠳᠡᠳ ᠲᠦᠪᠡᠳ ᠤᠨ ᠲᠡᠤᠬᠡ ᠶᠢᠨ | ᠴᠢᠭᠤᠯᠭᠠᠨ︾ ᠳᠤ ︽ᠲᠤᠮᠳᠠᠳᠤ ᠤᠷᠤᠨ᠎ᠠ ︿ᠠᠶᠠᠭ᠎ᠠ﹀ ᠬᠡᠮᠡᠬᠦ ᠴᠠᠢ ᠶᠢᠨ ᠰᠠᠪᠠ ᠪᠠᠶᠢᠬᠤ ᠶᠢ ᠰᠤᠨᠤᠰᠤᠭᠠᠳ ᠳ᠋ᠤᠰᠧᠷᠤᠩ ᠮᠠᠩᠪᠤᠵᠢ ᠠᠶᠠᠭ᠎ᠠ ᠭᠤᠶᠤᠯᠠᠷᠠ ᠲᠤᠮᠳᠠᠳᠤ | ᠤᠷᠤᠨ ᠳᠤᠷ ᠡᠯᠴᠢᠨ ᠲᠤᠮᠢᠯᠠᠪᠠ︾ ᠬᠡᠵᠦ ᠲᠡᠮᠳᠡᠭᠯᠡᠵᠤ ᠪᠤᠢ᠃ ᠲᠠᠩ ᠤᠯᠤᠰ ᠤᠨ ᠬᠠᠭᠠᠨ ᠲᠦᠪᠡᠳ ᠲᠤ ᠳᠠᠷᠬᠠᠳ ᠲᠤᠮᠢᠯᠠᠬᠰᠠᠨ ᠳᠤ᠂ ᠲᠠᠷᠬᠠᠳ ᠨᠢ ᠪᠤᠷᠤ | ᠮᠠᠲ᠋ᠧᠷᠢᠶᠠᠯ ᠤᠨ ᠰᠠᠶᠢᠨ ᠮᠠᠭᠤ᠂ ᠲᠤᠩᠭᠠᠯᠠᠭ ᠪᠤᠯᠠᠩᠭᠢᠷ ᠢ ᠢᠯᠭᠠᠵᠤ ᠰᠢᠩ ᠱᠸᠤ ᠠᠶᠠᠭ᠎ᠠ ᠵᠡᠷᠬᠡ ᠵᠢᠷᠭᠤᠭᠠᠨ ᠲᠦᠷᠤᠯ ᠤᠨ ᠠᠶᠠᠭ᠎ᠠ ᠶᠢ ᠦᠢᠯᠡᠳᠦᠨ ᠭᠠᠷᠭᠠᠬᠰᠠᠨ ᠠᠵᠢ᠃ | ︽ᠬᠢᠳᠡᠳ ᠲᠦᠪᠡᠳ ᠤᠨ ᠲᠡᠤᠬᠡ ᠶᠢᠨ ᠴᠢᠭᠤᠯᠭᠠᠨ︾ ᠳᠤ ᠪᠠᠰᠨ ᠴᠠᠢ ᠳᠣᠲᠣᠷ᠎ᠠ ᠭᠠᠵᠠᠷ ᠤᠨ ᠯᠠᠮᠨ ᠬᠤᠸᠠᠷᠠᠭ ᠨᠠᠷ ᠤᠨ ᠲᠤᠮᠳᠠ ᠲᠡᠯᠬᠡᠷᠡᠭᠰᠡᠨ ᠲᠤᠬᠠᠢ᠄ ᠴᠠᠢ | ᠬᠤᠳᠠᠯᠳᠤᠬᠴᠢ᠂ ᠴᠠᠢ ᠬᠤᠳᠠᠯᠳᠤᠨ ᠠᠪᠤᠬᠴᠢ ᠪᠤᠯᠤᠨ ᠴᠠᠢ ᠤᠤᠭᠤᠬᠰᠠᠳ ᠤᠯᠠᠨ ᠪᠤᠯᠪᠠᠴᠤ ᠴᠠᠢ ᠤᠤᠭᠤᠬᠤ ᠳᠤ ᠬᠠᠮᠤᠭ ᠠᠴᠠ ᠮᠡᠷᠭᠡᠰᠢᠭᠰᠡᠨ ᠨᠢ ᠬᠢᠳᠠᠳ ᠭᠠᠵᠠᠷ ᠤᠨ | ᠬᠤᠤᠱᠠᠩ ᠨᠠᠷ ᠪᠤᠯᠠᠢ᠂ ᠲᠡᠬᠦᠨ ᠠᠴᠠ ᠬᠤᠶᠢᠰᠢ ᠭᠠᠮᠢ ᠸᠠᠩ ᠬᠤᠤᠱᠠᠩ ᠠᠴᠠ ᠴᠠᠢ ᠴᠢᠨᠠᠬᠤ ᠶᠢ ᠰᠤᠷᠴᠤ᠂ ᠮᠢᠵᠠᠭᠤᠮᠪᠤ ᠪᠠᠰᠠ᠂ ᠭᠠᠮᠢ ᠸᠠᠩ ᠠᠴᠠ ᠰᠤᠷᠤᠬᠰᠠᠨ ᠢᠶᠠᠷ | ᠬᠤᠵᠢᠮ ᠨᠢ ᠡᠶᠢᠨ ᠤᠯᠠᠮᠵᠢᠯᠠᠵᠤ ᠢᠷᠡᠪᠡ ᠭᠡᠵᠤ ᠲᠤᠷᠠᠳᠤᠬᠰᠠᠨ ᠪᠠᠶᠢᠳᠠᠭ᠃ ᠭᠠᠮᠢ ᠸᠠᠩ ᠪᠤᠯ ᠾᠧᠷᠢᠰᠤᠷᠤᠩ ᠳ᠋ᠧᠪᠼᠣᠨ ︵742 — 797 ᠤᠨ︶ ᠶᠤᠮ᠂ | ᠬᠢᠳᠠᠳ ᠭᠠᠵᠠᠷ ᠤᠨ ᠯᠠᠮᠨ ᠬᠤᠸᠠᠷᠠᠭ ᠨᠠᠷ ᠽᠠᠮᠪᠤ ᠳᠤ ᠴᠠᠢ ᠴᠢᠨᠠᠬᠤ ᠠᠷᠭ᠎ᠠ ᠶᠢ ᠤᠯᠠᠮᠵᠢᠯᠠᠬᠰᠠᠨ ᠶᠤᠮ ᠴᠢᠨᠢ ᠪᠤᠷᠬᠠᠨ ᠤ ᠤᠬᠠᠭᠠᠨ ᠤ ᠲᠤᠬᠠᠢ ᠰᠤᠯᠢᠯᠴᠠᠬᠤ ᠦᠶᠡᠰ | ᠲᠦᠪᠡᠳ ᠤᠨ ᠯᠠᠮᠨ ᠬᠤᠸᠠᠷᠠᠭ ᠨᠠᠷ ᠲᠤ ᠴᠤ ᠴᠠᠢ ᠶᠢ ᠤᠯᠠᠮᠵᠢᠯᠠᠬᠤ ᠨᠢ ᠠᠶᠠᠨᠳᠠᠭᠠᠨ ᠤ ᠬᠡᠷᠡᠭ᠃ ᠲᠦᠪᠡᠳ ᠤᠨ ᠬᠠᠮᠤᠭ ᠤᠨ ᠰᠡᠬᠦᠯᠴᠢ ᠶᠢᠨ ᠽᠠᠮᠪᠤ ᠯᠠᠩᠳᠧᠷᠮᠠ | ᠰᠠᠭᠤᠷᠢᠨ ᠳᠤ ᠪᠠᠶᠢᠬᠤ ᠳᠤ ᠪᠠᠨ ᠪᠤᠷᠬᠠᠨ ᠤ ᠱᠠᠰᠢᠨ ᠢ ᠶᠡᠭᠡ ᠪᠠᠷ ᠲᠠᠷᠤᠩᠭᠤᠶᠢᠯᠠᠬᠰᠠᠨ ᠢᠶᠠᠷ ᠰᠦᠮ᠎ᠡ ᠬᠡᠶᠢᠳ ᠡᠪᠳᠡᠭᠳᠡᠵᠤ᠂ ᠯᠠᠮᠨ ᠨᠠᠷ ᠬᠠᠷ᠎ᠠ ᠪᠤᠯᠤᠬᠰᠠᠨ ᠪᠤᠯᠪᠠᠴᠤ ᠴᠠᠢ | ᠴᠢᠨᠠᠬᠤ ᠠᠷᠭ᠎ᠠ ᠪᠠ ᠴᠠᠢ ᠤᠤᠭᠤᠬᠤ ᠲᠠᠳᠬᠠᠯ ᠢᠶᠠᠨ ᠤᠷᠬᠢᠨ᠋ᠠᠰᠠᠨ ᠦᠬᠡᠢ᠂ ᠡᠨᠡ ᠨᠢ ᠵᠤᠬᠢᠬᠤ ᠤᠳᠬ᠎ᠠ ᠠᠴᠠ ᠴᠠᠢ ᠤᠤᠭᠤᠬᠤ ᠲᠠᠳᠬᠠᠯ ᠠᠷᠠᠳ ᠤᠨ ᠲᠤᠮᠳᠠ ᠨᠡᠩ | ᠲᠦᠷᠭᠡᠨ ᠲᠡᠯᠬᠡᠷᠡᠬᠦ ᠶᠢ ᠠᠬᠢᠭᠤᠯᠵᠠᠢ᠃ | ︽ᠬᠢᠳᠡᠳ ᠲᠦᠪᠡᠳ ᠤᠨ ᠲᠡᠤᠬᠡ ᠶᠢᠨ ᠴᠢᠭᠤᠯᠭᠠᠨ︾ ᠤ ᠲᠡᠮᠳᠡᠭᠯᠡᠯ ᠠᠴᠠ ᠲᠦᠪᠡᠳᠴᠤᠳ ᠤᠨ ᠴᠠᠢ ᠶᠢᠨ ᠲᠤᠬᠠᠢ ᠤᠶᠢᠯᠠᠭᠠᠯᠳᠠ ᠮᠠᠰᠢ ᠬᠦᠨᠵᠡᠬᠡᠶᠢᠷᠡᠭᠰᠡᠨ ᠢ | ᠦᠵᠡᠵᠤ ᠭᠠᠷᠴᠤ ᠪᠤᠯᠬᠤ ᠶᠤᠮ᠂ ᠲᠦᠪᠡᠳᠴᠤᠳ ᠴᠠᠢ ᠶᠢᠨ ᠤᠷᠭᠤᠬᠤ ᠤᠷᠴᠢᠨ ᠲᠤᠭᠤᠷᠢᠨ᠂ ᠬᠦᠷᠤᠰᠤᠨ ᠤ ᠴᠢᠨᠠᠷ᠂ ᠪᠤᠷᠳᠤᠭᠤᠷ ᠤᠷᠤᠭᠤᠯᠬᠤ ᠲᠦᠷᠤᠯ ᠵᠦᠢᠯ ᠪᠠ | ᠴᠠᠢ ᠶᠢᠨ ᠲᠦᠷᠤᠯ ᠵᠦᠢᠯ᠂ ᠴᠠᠢ ᠬᠢᠬᠦ ᠤᠷ᠎ᠠ ᠮᠡᠷᠬᠡᠵᠢᠯ ᠤᠨ ᠠᠳᠠᠯᠢ ᠪᠤᠰᠤ ᠳᠤ ᠴᠢᠭᠯᠡᠬᠦᠯᠤᠨ ᠴᠠᠢ ᠶᠢ 16 ᠲᠦᠷᠤᠯ ᠬᠤᠪᠢᠶᠠᠬᠰᠠᠨ ᠪᠦᠬᠡᠳ ᠲᠦᠷᠤᠯ ᠪᠤᠯᠭᠠᠨ ᠤ | ᠴᠠᠢ ᠶᠢᠨ ᠦᠡᠭᠭᠡ᠂ ᠦᠨᠤᠷ᠂ ᠴᠢᠳᠠᠯ ᠵᠡᠷᠬᠡ ᠲᠠᠯ᠎ᠠ ᠠᠴᠠ ᠨᠠᠷᠢᠯᠢᠭ ᠢᠯᠭᠠᠳᠠᠭ ᠪᠠᠶᠢᠨ᠎ᠠ᠃ | 21 ᠳ᠋ᠤᠬᠡᠷ ᠵᠠᠭᠤᠨ ᠠᠴᠠ ᠢᠨᠠᠬᠰᠢ᠂ ᠴᠠᠢ ᠯᠤᠭ᠎ᠠ ᠬᠤᠯᠪᠤᠭ᠎ᠠ ᠲᠠᠢ ᠬᠠᠭᠤᠴᠢ ᠰᠤᠳᠤᠯᠤᠯ ᠮᠠᠰᠢ ᠠᠬᠢᠯᠳᠠ ᠲᠠᠢ ᠪᠤᠯᠵᠤ᠂ ᠤᠯᠠᠮᠵᠢᠯᠠᠯᠳᠤ ᠲᠡᠤᠬᠡᠨ | ᠰᠤᠷᠪᠤᠯᠵᠢᠰ ᠤᠨ ᠲᠡᠮᠳᠡᠭᠯᠡᠯ ᠰᠠᠯᠳᠠ ᠶᠢ ᠲᠠᠪᠠᠵᠤ ᠲᠦᠪᠡᠳ ᠲᠤ ᠴᠠᠢ ᠶᠢᠨ ᠤᠷᠤᠬᠰᠠᠨ ᠴᠠᠭ ᠢ ᠨᠡᠩ ᠡᠮᠦᠨᠡᠰᠢᠯᠡᠬᠦᠯᠪᠡ᠃ ᠠᠷᠢ ᠤᠷᠤᠨ ᠤ ᠬᠦᠷᠤ ᠵᠠᠮ ᠬᠡᠶᠢᠳ ᠤᠨ | ᠪᠠᠭᠤᠷᠢ ᠠᠴᠠ ᠲᠦᠪᠡᠳ ᠤᠨ ᠤᠳᠤ ᠪᠤᠯᠳᠠᠯᠠᠬᠢ ᠬᠠᠮᠤᠭ ᠤᠨ ᠠᠩᠬᠠᠨ ᠤ ᠤᠯᠳᠠᠭᠳᠠᠭᠰᠠᠨ ᠴᠠᠢ ᠶᠢᠨ ᠦᠯᠡᠳᠡᠭᠳᠡᠯ ᠢ ᠨᠡᠭᠦᠷᠡᠰᠦᠲᠥ᠋ᠷᠥᠭᠴᠢ 14 ᠪᠠᠷ ᠪᠠᠶᠢᠴᠠᠭᠠᠬᠰᠠᠨ ᠤ | ᠳ᠋ᠦᠡᠭ ᠳᠤ ᠤᠳᠤ ᠠᠴᠠ ᠪᠠᠷᠤᠭ 1800 ᠵᠢᠯ ᠤᠨ ᠡᠮᠤᠨᠡᠬᠢ ᠴᠠᠢ ᠪᠠᠶᠢᠪᠠ᠃ | ᠡᠨᠡ ᠨᠢ 1800 ᠵᠢᠯ ᠤᠨ ᠡᠮᠦᠨ᠎ᠡ ᠴᠠᠢ ᠨᠢᠬᠡᠨᠳᠡ ᠲᠠᠯᠠᠢ ᠶᠢᠨ ᠲᠦᠪᠰᠢᠨ ᠠᠴᠠ 4500 ᠮᠧᠳ᠋ᠷ ᠡᠷᠬᠦᠭᠳᠡᠭᠰᠡᠨ ᠲᠦᠪᠡᠳ ᠤᠨ ᠠᠷᠢ ᠤᠷᠤᠨ ᠳᠤ ᠬᠦᠷᠦᠭᠰᠡᠨ ᠢ | ᠬᠡᠷᠡᠴᠢᠯᠡᠬᠦ ᠶᠤᠮ᠃ ᠲᠤᠬᠠᠢ ᠶᠢᠨ ᠦᠶ᠎ᠡ ᠳᠤ ᠲᠤᠷᠭᠠᠨ ᠤ ᠵᠠᠮ ᠤᠨ ᠠᠯᠢ ᠨᠢᠬᠡ ᠰᠠᠯᠠᠭ᠎ᠠ ᠨᠢ ᠬᠦᠬᠡᠨᠠᠭᠤᠷ ᠲᠦᠪᠡᠳ ᠤᠨ ᠦᠨᠳᠦᠷᠯᠢᠭ ᠢᠶᠠᠷ ᠦᠡᠭᠭᠡᠷᠡᠵᠤ ᠪᠠᠶᠢᠬᠰᠠᠨ ᠨᠢ | ᠪᠤᠯᠵᠤᠰᠢ ᠦᠬᠡᠢ᠃ ᠡᠨᠡ ᠨᠢ ᠮᠥᠨ ᠴᠤ ᠲᠠᠩ ᠤᠯᠤᠰ ᠠᠴᠠ ᠡᠮᠦᠨ᠎ᠡ ᠬᠢᠳᠡᠳ ᠲᠦᠪᠡᠳ ᠤᠨ ᠬᠤᠭᠤᠷᠤᠨᠳᠤ ᠨᠢᠬᠡᠨᠳᠡ ᠠᠵᠤ ᠠᠬᠤᠢ ᠶᠢᠨ ᠦᠷᠬᠡᠨ ᠬᠦᠨᠵᠡᠬᠡᠢ | ᠰᠤᠯᠢᠯᠴᠠᠭ᠎ᠠ ᠦᠷᠨᠢᠵᠤ ᠪᠠᠶᠢᠬᠰᠠᠨ ᠢ ᠬᠡᠷᠡᠴᠢᠯᠡᠬᠦ ᠪᠦᠬᠡᠳ ᠦᠷᠬᠡᠴᠨ ᠬᠦᠨᠴᠨ ᠨᠢ ᠦᠶ᠎ᠡ ᠤᠯᠠᠮᠵᠢᠯᠠᠬᠰᠠᠨ ᠰᠤᠷᠪᠤᠯᠵᠢ ᠪᠢᠴᠢᠭ ᠤᠨ ᠲᠡᠮᠳᠡᠭᠯᠡᠯ ᠠᠴᠠ ᠲᠠᠪᠠᠭᠰᠠᠨ | ᠮᠠᠭᠠᠳ ᠲᠠᠢ᠃ | ᠭᠤᠷᠪᠠ᠂ ᠴᠠᠢ ᠨᠠᠨ ᠵᠤᠤ ᠳᠤ ᠤᠷᠤᠬᠰᠠᠨ ᠨᠢ᠄ ᠳᠣᠲᠣᠷ᠎ᠠ ᠤᠷᠤᠨ ᠤ ᠡᠷᠳᠡ ᠦᠶ᠎ᠡ ᠶᠢᠨ ᠴᠠᠢ ᠤᠤᠭᠤᠬᠤ ᠵᠠᠩ ᠲᠠᠳᠬᠠᠯ ᠳᠠᠬᠢ ︽ᠠᠮᠢᠳᠤ ᠴᠢᠯᠠᠭᠤᠵᠢᠮᠠᠯ︾ | ᠴᠠᠢ ᠪᠠᠷᠠᠭᠤᠨ ᠡᠮᠦᠨᠡᠳᠤ ᠤᠷᠤᠨ ᠲᠡᠶᠢᠰᠢ ᠤᠯᠠᠮᠵᠢᠯᠠᠬᠳᠠᠬᠰᠠᠨ ᠲᠤᠬᠠᠢ ᠲᠡᠮᠳᠡᠭᠯᠡᠯ ᠲᠠᠩ ᠤᠯᠤᠰ ᠠᠴᠠ ᠡᠮᠤᠨ᠎ᠡ ᠪᠤᠢ᠃ ᠵᠡᠬᠦᠨ ᠶᠢᠨ ᠤᠯᠤᠰ ᠤᠨ ᠴᠠᠩ ᠴᠢᠤᠢ ︽ | ᠬᠤᠸ᠋ᠨ ᠶᠠᠩ ᠤᠯᠤᠰ ᠤᠨ ᠤᠶᠢᠯᠠᠯᠭ᠎ᠠ︾ ᠳᠤ ᠪᠠᠷᠠᠭᠤᠨ ᠡᠮᠦᠨᠡᠳᠤ ᠤᠷᠤᠨ ᠤ ᠴᠠᠢ ᠲᠠᠷᠢᠬᠤ ᠲᠠᠯᠠᠪᠠᠢ ᠵᠤᠬᠢᠬᠤ ᠬᠡᠪᠴᠢᠶ᠎ᠡ ᠲᠠᠢ ᠪᠤᠯᠤᠬᠰᠠᠨ ᠲᠤᠬᠠᠢ ᠲᠤᠷᠠᠳᠤᠠᠠᠰᠠᠨ | ᠪᠠᠶᠢᠳᠠᠭ᠃ ᠯᠤ᠋ ᠢᠤᠢ ᠶᠢᠨ ︽ᠴᠠᠢ ᠶᠢᠨ ᠨᠤᠮ︾ ᠳᠤ ︽ᠴᠢᠨ ᠵᠦᠡᠭ ᠯᠤ᠋ ᠵᠠᠮ ︵ᠬᠦᠢᠵᠸᠤ ᠭᠠᠵᠠᠷ︶ ᠤᠨ ᠴᠠᠢ ᠶᠢᠨ ᠭᠠᠷᠤᠯᠳᠠ ᠶᠢᠨ ᠤᠷᠤᠨ ᠨᠢ ᠭᠤᠤᠯᠳᠠᠭᠤ ᠰᠧᠵᠸᠤ᠂ | ᠪᠦᠸᠧᠵᠸᠤ᠂ ᠹᠸᠢᠢᠵᠸᠤ᠂ ᠢᠵᠸᠤ ᠪᠠᠷ ᠲᠠᠷᠬᠠᠬᠤ ᠪᠦᠬᠡᠳ ᠴᠠᠢ ᠶᠢᠨ ᠴᠢᠨᠠᠷ ᠨᠢ ᠰᠠᠶᠢᠨ︾ ᠬᠡᠵᠡᠢ᠃ ᠲᠠᠩ ᠤᠯᠤᠰ ᠴᠢᠨ ᠵᠦᠡᠭ ᠯᠤ᠋ ᠵᠠᠮ ᠳᠠᠬᠢ ᠴᠦᠬᠡᠨ ᠲᠤᠭᠠᠳᠤ | ᠦᠨᠳᠤᠰᠤᠳᠡᠨ ᠳᠤ ᠮᠥᠨ ᠢᠯᠪᠢᠨ ᠲᠠᠳᠠᠬᠤ ᠲᠦᠷᠤ ᠶᠢᠨ ᠪᠤᠳᠤᠯᠭ᠎ᠠ ᠠᠪᠴᠤ᠂ ᠢᠯᠪᠢᠨ ᠲᠠᠳᠠᠬᠤ ᠵᠸᠤ ᠨᠦᠭᠦᠳ ᠢ 50 ᠪᠠᠶᠢᠭᠤᠯᠪᠠ᠃ ᠡᠳᠡᠬᠡᠷ ᠵᠸᠤ ᠨᠦᠭᠦᠳ ᠲᠠᠢ | ᠬᠠᠷᠢᠴᠠᠭᠤᠯᠬᠤ ᠳᠤ ᠴᠠᠢ ᠶᠢᠨ ᠭᠠᠷᠤᠯᠳᠠ ᠶᠢᠨ ᠲᠦᠷᠪᠡᠨ ᠭᠠᠵᠠᠷ ᠨᠢ ᠢᠯᠪᠢᠨ ᠲᠠᠳᠠᠬᠤ 50 ᠵᠸᠤ ᠳᠤ ᠪᠠᠭᠲᠠᠭᠰᠠᠨ ᠦᠬᠡᠢ ᠪᠠᠶᠢᠪᠠ᠃ ᠡᠨᠡ ᠨᠢ ᠲᠠᠩ ᠤᠯᠤᠰ ᠤᠨ | ᠦᠶ᠎ᠡ ᠶᠢᠨ ᠴᠢᠨ ᠵᠦᠡᠭ ᠯᠤ᠋ ᠵᠠᠮ ᠤᠨ ᠴᠠᠢ ᠶᠢᠨ ᠲᠠᠷᠢᠶ᠎ᠠ ᠭᠤᠤᠯᠳᠠᠭᠤ ᠬᠢᠳᠠᠳ ᠦᠨᠳᠤᠰᠤᠳᠡᠨ ᠤ ᠲᠦᠪᠯᠡᠷᠡᠨ ᠰᠠᠭᠤᠷᠢᠰᠢᠬᠰᠠᠨ ᠭᠠᠵᠠᠷ ᠤᠷᠤᠨ ᠳᠤ ᠲᠠᠷᠬᠠᠵᠤ᠂ ᠬᠠᠷᠢᠨ | ᠴᠦᠬᠡᠨ ᠲᠤᠭᠠᠳᠤ ᠦᠨᠳᠤᠰᠤᠳᠡᠨ ᠤ ᠰᠠᠭᠤᠷᠢᠰᠢᠠᠠᠰᠠᠨ ᠭᠠᠵᠠᠷ ᠤᠷᠤᠨ ᠳᠤ ᠴᠦᠬᠡᠨ ᠪᠠᠶᠢᠠᠠᠰᠠᠨ ᠢ ᠪᠤᠰᠤᠳᠴᠢ ᠲᠠᠯ᠎ᠠ ᠠᠴᠠ ᠲᠤᠳᠤᠷᠬᠠᠢᠢᠯᠠᠵᠤ ᠪᠠᠶᠢᠭ᠎ᠠ ᠬᠡᠷᠡᠭ ᠶᠤᠮ᠃ | ᠺᠠᠢ ᠶᠤᠸᠠᠨ ᠤ ᠬᠤᠷᠢᠨ ᠵᠢᠷᠭᠤᠳᠤᠭᠠᠷ ᠤᠨ ᠳᠤ ᠲᠠᠩ ᠤᠯᠤᠰ ᠡᠯᠴᠢ ᠲᠤᠮᠢᠯᠠᠨ ᠶᠦᠨᠨᠠᠨ ᠳᠤ ᠤᠴᠢᠭᠤᠯᠵᠤ ᠨᠠᠨ ᠵᠤᠤ ᠤᠯᠤᠰ ᠤᠨ ᠫᠢᠯᠦᠸᠧᠭᠧ ᠶᠢ ᠶᠦᠨᠨᠠᠨ ᠸᠠᠩ | ᠡᠷᠬᠦᠮᠵᠢᠯᠡᠵᠤ᠂ ᠪᠠᠷᠠᠭᠤᠨ ᠡᠮᠦᠨᠡᠳᠤ ᠶᠢᠨ ᠬᠠᠷᠢ ᠶᠢᠨ ᠬᠠᠯᠬᠠᠪᠴᠢ ᠪᠤᠯᠭᠠᠪᠠ᠃ ᠨᠠᠨ ᠵᠤᠤ ᠶᠢᠨ ᠶᠡᠭᠡ ᠲᠠᠩ ᠤᠯᠤᠰ ᠲᠤ ᠠᠯᠪᠠ ᠪᠠᠷᠢᠬᠰᠠᠨ ᠶᠠᠭᠤᠮ᠎ᠠ ᠳᠤ ᠴᠠᠢ ᠠᠯᠠᠭ᠎ᠠ | ᠪᠤᠯᠪᠠᠴᠤ ᠹᠠᠨ ᠴᠦᠸᠧ ᠶᠢᠨ ︽ᠮᠠᠠᠴᠤᠤᠨ ᠤᠨ ᠪᠢᠴᠢᠭ︾ ᠲᠤ ︽ᠴᠠᠢ ᠠᠨᠤ ᠶᠢᠨ ᠱᠸᠡᠭ ᠴᠸᠡᠭ ᠬᠤᠳᠠ ᠶᠢᠨ ᠠᠭᠤᠯᠠᠰ ᠠᠴᠠ ᠭᠠᠷᠤᠮᠤᠢ᠂ ᠲᠡᠬᠦᠵᠤ ᠬᠤᠷᠢᠶᠠᠬᠤᠢ ᠪᠠ | ᠬᠠᠭᠤᠷᠴᠤ ᠪᠤᠯᠪᠠᠰᠤᠷᠠᠭᠤᠯᠬᠤᠢ ᠳᠤᠷ ᠬᠡᠪ ᠭᠤᠷᠢᠮ ᠬᠡᠮᠡᠨ ᠦᠬᠡᠢ ᠠᠵᠤᠭᠤ᠂ ᠮᠸᠡᠭ ᠱᠧ ᠶᠢᠨ ᠮᠠᠨᠴᠤᠳ ᠶᠠᠷᠮ᠎ᠠ᠂ ᠭᠠ᠂ ᠭᠠᠪᠢᠷ᠎ᠠ ᠬᠤᠯᠢᠵᠤ ᠨᠡᠶᠢᠯᠡᠬᠦᠯᠤᠨ ᠴᠢᠨᠠᠵᠤ | ᠤᠤᠭᠤᠮᠤᠢ︾ ᠭᠡᠵᠤ ᠲᠤᠳᠤᠷᠬᠠᠢ ᠲᠡᠮᠳᠡᠭᠯᠡᠵᠤ ᠪᠤᠢ᠃ ᠮᠸᠡᠭ ᠱᠧ ᠬᠡᠳᠡᠭ ᠨᠢ ᠭᠤᠤᠯᠳᠠᠭᠤ ᠶᠦᠡᠨᠠᠨ ᠤᠷᠤᠨ ᠤ ᠴᠦᠬᠡᠨ ᠲᠤᠭᠠᠳᠤ ᠦᠨᠳᠤᠰᠤᠳᠡᠨ ᠢ ᠬᠡᠯᠡᠵᠤ ᠪᠤᠢ᠃ ᠶᠢᠨ | ᠱᠸᠡᠭ ᠴᠸᠡᠭ ᠬᠤᠳᠠ ᠶᠢᠨ ᠠᠭᠤᠯᠠᠰ ᠨᠢ ᠶᠡᠭᠡ ᠲᠦᠯᠤᠪ ᠤᠳᠤ ᠶᠢᠨ ᠶᠦᠨᠨᠠᠨ ᠮᠤᠵᠢ ᠶᠢᠨ ᠰᠧ ᠮᠤᠤ ᠪᠠ ᠰᠢᠱᠤᠸᠠᠩᠪᠠᠨᠨᠠ ᠤᠷᠴᠢᠮ ᠪᠤᠢ᠂ ᠲᠡᠷᠡ ᠦᠶ᠎ᠡ ᠳᠤ ᠲᠡᠳᠡ | ᠨᠢᠬᠡᠨᠳᠡ ᠴᠠᠢ ᠶᠢ ᠠᠰᠢᠬᠯᠠᠵᠤ ᠡᠬᠢᠯᠡᠭᠰᠡᠨ ᠪᠤᠯᠪᠠᠴᠤ ᠲᠦᠷᠤ ᠳᠤ ᠡᠷᠬᠦᠵᠤ ᠪᠠᠶᠢᠬᠰᠠᠨ ᠦᠬᠡᠢ ᠨᠢ ᠨᠠᠨ ᠵᠤᠤ ᠶᠢᠨ ᠪᠠᠶᠢᠷᠢ ᠰᠠᠭᠤᠷᠢ ᠦᠨᠳᠤᠷ ᠪᠢᠰᠢ ᠬᠡᠳᠡᠭ ᠢ ᠬᠠᠷᠠᠭᠤᠯᠵᠤ | ᠪᠠᠶᠢᠨ᠎ᠠ᠃ ᠨᠦᠬᠦᠬᠡ ᠲᠠᠯ᠎ᠠ ᠪᠠᠷ ᠲᠡᠬᠦᠬᠦ᠂ ᠪᠤᠯᠪᠠᠰᠤᠷᠠᠭᠤᠯᠬᠤ ᠲᠤᠬᠠᠢ ︽ᠴᠠᠢ ᠶᠢᠨ ᠨᠤᠮ︾ ᠳᠤ ᠭᠤᠤᠯᠳᠠᠯᠭ᠎ᠠ ᠲᠠᠢ ᠲᠤᠷᠠᠳᠤᠬᠰᠠᠨ ᠨᠢ ᠲᠠᠩ ᠤᠯᠤᠰ ᠤᠨ ᠦᠶ᠎ᠡ ᠳᠤ | ᠴᠠᠢ ᠶᠢ ᠠᠰᠢᠬᠯᠠᠬᠤ ᠲᠠᠯ᠎ᠠ ᠪᠠᠷ ᠪᠤᠯᠪᠠᠰᠤᠷᠠᠩᠭᠤᠢ ᠪᠤᠯᠤᠬᠰᠠᠨ ᠪᠤᠯᠪᠠᠴᠤ ︽ᠮᠠᠨᠴᠤᠳ ᠤᠨ ᠪᠢᠴᠢᠭ︾ ᠲᠤ ᠮᠸᠡᠭ ᠱᠧ ᠳᠤ ︽ᠲᠡᠬᠦᠵᠤ ᠬᠤᠷᠢᠶᠠᠬᠤᠢ ᠪᠠ ᠬᠠᠭᠤᠷᠴᠤ | ᠪᠤᠯᠪᠠᠰᠤᠷᠠᠭᠤᠯᠬᠤᠢ ᠳᠤᠷ ᠬᠡᠪ ᠭᠤᠷᠢᠮ ᠬᠡᠮᠡᠨ ᠦᠬᠡᠢ ᠠᠵᠤᠭᠤ︾ ᠬᠡᠰᠡᠨ ᠨᠢ ᠲᠤᠬᠠᠢ ᠶᠢᠨ ᠦᠶ᠎ᠡ ᠳᠤ ᠶᠦᠨᠨᠠᠨ ᠤ ᠴᠦᠬᠡᠨ ᠲᠤᠭᠠᠳᠤ ᠦᠨᠳᠤᠰᠤᠳᠡᠨ ᠴᠠᠢ ᠶᠢ ᠲᠡᠳᠤᠢ | ᠯᠨ ᠪᠤᠯᠪᠠᠰᠤᠷᠠᠩᠭᠤᠢ ᠠᠰᠢᠬᠯᠠᠵᠤ ᠪᠠᠶᠢᠬᠰᠠᠨ ᠦᠬᠡᠢ ᠶᠢᠨ ᠬᠡᠷᠡᠴᠢ ᠪᠤᠯᠤᠨ᠎ᠠ᠃ ᠸᠧᠢ ᠶᠢᠨ ᠡᠮᠦᠨᠡᠳᠤ ᠤᠮᠠᠷᠠᠳᠤ ᠲᠦᠷᠤ ᠶᠢᠨ ᠦᠶ᠎ᠡ ᠳᠤ ᠴᠠᠢ ᠶᠢ ᠬᠤᠯᠢᠰᠢ ᠲᠠᠢ ᠤᠤᠭᠤᠵᠤ | ᠪᠠᠶᠢᠬᠰᠠᠨ ᠠᠵᠢ᠃ ︽ᠮᠠᠨᠴᠤᠳ ᠤᠨ ᠪᠢᠴᠢᠭ︾ ᠲᠤ ᠲᠡᠮᠳᠡᠭᠯᠡᠭᠰᠡᠨ ᠶᠦᠨᠨᠠᠨ ᠤ ᠴᠠᠢ ᠤᠤᠭᠤᠬᠤ ᠠᠷᠭ᠎ᠠ ᠨᠢ ᠸᠧᠢ ᠶᠢᠨ ᠡᠮᠦᠨᠡᠳᠤ ᠤᠮᠠᠷᠠᠳᠤ ᠲᠦᠷᠤ ᠶᠢᠨ ᠬᠢᠨ ᠤ | ᠤᠤᠭᠤᠬᠤ ᠠᠷᠭ᠎ᠠ ᠲᠠᠢ ᠮᠠᠰᠢ ᠲᠦᠰᠦᠭᠡᠳᠡᠢ ᠪᠠᠶᠢᠳᠠᠭ ᠨᠢ ᠲᠤᠬᠠᠢ ᠶᠢᠨ ᠦᠶ᠎ᠡ ᠳᠤ ᠶᠦᠨᠨᠠᠨ ᠤ ᠬᠢᠯᠢ ᠬᠢᠵᠠᠭᠠᠷ ᠤᠷᠤᠨ ᠤ ᠴᠦᠬᠡᠨ ᠲᠤᠭᠠᠳᠤ ᠦᠨᠳᠤᠰᠤᠳᠡᠨ ᠤ ᠴᠠᠢ | ᠤᠤᠭᠤᠬᠤ ᠵᠠᠩᠰᠢᠯ ᠨᠢ ᠬᠢᠳᠡᠳ ᠰᠤᠶᠤᠯ ᠳᠤ ᠬᠦᠨᠵᠡᠬᠡᠢ ᠨᠦᠯᠦᠬᠡᠯᠡᠭᠳᠡᠭᠰᠡᠨ ᠢ ᠬᠠᠷᠠᠭᠤᠯᠵᠤ ᠪᠠᠶᠢᠨ᠎ᠠ᠃ ᠬᠡᠪᠡᠴᠤ ᠲᠠᠩ ᠤᠯᠤᠰ ᠤᠨ ᠲᠤᠮᠳᠠᠴᠢ ᠦᠶ᠎ᠡ ᠠᠴᠠ ᠬᠤᠶᠢᠰᠢ | ᠭᠠ ᠲᠠᠢ ᠴᠠᠢ ᠶᠢ ᠪᠤᠰᠤᠳ ᠠᠮᠳᠠ ᠤᠷᠤᠭᠤᠯᠬᠤ ᠪᠤᠳᠠᠰ ᠲᠠᠢ ᠬᠤᠯᠢᠵᠤ ᠬᠡᠷᠡᠭᠯᠡᠬᠦ ᠠᠷᠭ᠎ᠠ ᠪᠤᠯᠵᠤ ᠦᠬᠡᠷᠡᠴᠢᠯᠡᠭᠳᠡᠵᠠᠢ᠃ ᠫᠢ ᠿᠢ ᠰᠢᠤ ᠶᠢᠨ ︽ᠴᠠᠢ ᠶᠢᠨ | ᠬᠦᠷᠢᠶᠡᠯᠡᠩ ᠤᠨ ᠰᠤᠯᠨ ᠮᠠᠬᠳᠠᠭᠤ︾ ᠳᠤ ᠯᠤ᠋ ᠢᠤᠢ ᠴᠠᠢ ᠤᠤᠭᠤᠬᠤ ᠠᠷᠭ᠎ᠠ ᠶᠢ ᠴᠠᠢ ᠴᠢᠨᠠᠬᠤ ᠠᠷᠭ᠎ᠠ ᠲᠡᠶᠢᠰᠢ ᠤᠯᠠᠷᠢᠭᠤᠯᠤᠬᠰᠠᠨ ᠭᠡᠵᠤ ᠦᠵᠡᠭᠰᠡᠨ ᠪᠠᠶᠢᠪᠠ᠃ ᠬᠢᠳᠡᠳ | ᠰᠤᠶᠤᠯ ᠳᠠᠬᠢ ᠴᠠᠢ ᠤᠤᠭᠤᠬᠤ ᠠᠷᠭ᠎ᠠ ᠲᠠᠰᠤᠷᠠᠯᠳᠠ ᠦᠬᠡᠢ ᠰᠢᠨᠡᠳᠦᠭᠰᠡᠬᠡᠷ ᠢᠷᠡᠭᠰᠡᠨ ᠪᠤᠯᠪᠠᠴᠤ ᠭᠠᠵᠠᠷ ᠤᠷᠤᠨ ᠤ ᠰᠢᠯᠳᠠᠭᠠᠨ ᠪᠤᠯᠤᠨ ᠠᠮᠢᠳᠤᠷᠠᠯ ᠤᠨ ᠵᠠᠩ ᠲᠠᠳᠬᠠᠯ ᠤᠨ | ᠬᠡᠷᠡᠭᠯᠡᠬᠡᠨ ᠤ ᠰᠢᠨᠵᠢ ᠵᠡᠷᠬᠡ ᠰᠢᠯᠳᠠᠭᠠᠨ ᠠᠴᠠ ᠪᠤᠯᠵᠤ ᠴᠠᠢ ᠶᠢ ᠬᠤᠯᠢᠰᠢ ᠲᠠᠢ ᠤᠤᠭᠤᠬᠤ ᠠᠷᠭ᠎ᠠ ᠴᠦᠬᠡᠨ ᠲᠤᠭᠠᠳᠤ ᠦᠨᠳᠤᠰᠤᠳᠡᠨ ᠤ ᠭᠠᠵᠠᠷ ᠤᠷᠤᠨ ᠳᠤ | ᠲᠡᠯᠬᠡᠷᠡᠭᠰᠡᠨ ᠠᠴᠠ ᠬᠤᠶᠢᠰᠢ ᠤᠯᠠᠮᠵᠢᠯᠠᠭᠳᠠᠨ ᠦᠯᠡᠳᠡᠵᠤ᠂ ᠲᠤᠮᠳᠠᠳᠤ ᠤᠷᠤᠨ ᠤ ᠴᠠᠢ ᠶᠢᠨ ᠰᠤᠶᠤᠯ ᠢ ᠲᠠᠭᠠᠵᠤ ᠬᠤᠪᠢᠷᠠᠬᠰᠠᠨ ᠦᠬᠡᠢ᠃ | ᠲᠠᠩ ᠤᠯᠤᠰ ᠤᠨ ᠦᠶ᠎ᠡ ᠶᠢᠨ ᠮᠸᠡᠭ ᠱᠧ ᠲᠡᠳᠤᠢ ᠦᠬᠡᠢ᠂ ᠬᠢᠯᠢ ᠬᠢᠵᠠᠭᠠᠷ ᠤᠷᠤᠨ ᠳᠤ ᠤᠳᠤ ᠪᠤᠯᠳᠠᠯ᠎ᠠ ᠴᠠᠢ ᠶᠢ ᠲᠠᠩ ᠴᠤᠯᠭᠤᠢ ᠪᠠᠷ ᠪᠦᠷᠢᠬᠦ ᠦᠬᠡᠢ᠂ ᠪᠦᠷ | ᠯᠨ ᠴᠠᠢ ᠳᠤ ᠬᠤᠯᠢᠰᠢ ᠬᠢᠳᠡᠭ᠃ ᠵᠢᠱᠢᠶᠡᠯᠡᠪᠡᠯ᠂ ᠮᠤᠩᠭᠤᠯᠴᠤᠳ ᠤᠨ ᠰᠦ ᠲᠠᠢ ᠴᠠᠢ᠂ ᠲᠦᠪᠡᠳᠴᠤᠳ ᠤᠨ ᠦᠷᠤᠮ᠎ᠡ ᠲᠠᠢ ᠴᠠᠢ᠂ ᠲᠦᠵᠢᠶᠠᠴᠤᠳ ᠤᠨ ᠵᠢᠭᠤᠷᠠᠬᠰᠠᠨ | ᠴᠠᠢ ᠵᠡᠷᠭᠡ ᠪᠤᠢ᠃ ᠡᠨᠡ ᠪᠤᠯ ᠬᠢᠯᠢ ᠬᠢᠵᠠᠭᠠᠷ ᠤᠷᠤᠨ ᠤ ᠴᠦᠬᠡᠨ ᠲᠤᠭᠠᠳᠤ ᠦᠨᠳᠤᠰᠤᠳᠡᠨ ᠨᠦᠭᠦᠳ ᠤᠨ ᠴᠠᠢ ᠶᠢᠨ ᠰᠤᠶᠤᠯ ᠤᠨ ᠨᠢᠭᠡᠨ ᠤᠨᠴᠠᠯᠢᠭ ᠪᠤᠯᠤᠨ᠎ᠠ᠃ ᠲᠠᠩ | ᠤᠯᠤᠰ ᠤᠨ ᠦᠶ᠎ᠡ ᠶᠢᠨ ᠲᠤᠮᠳᠠᠳᠤ ᠤᠷᠤᠨ ᠤ ᠰᠤᠶᠤᠯ ᠤᠨ ᠴᠠᠢ ᠤᠤᠭᠤᠬᠤ ᠬᠤᠶᠠᠳᠡᠬᠢ ᠤᠨᠴᠠᠯᠢᠭ ᠨᠢ ᠮᠥᠨ ᠬᠢᠯᠢ ᠬᠢᠵᠠᠭᠠᠷ ᠤᠨ ᠴᠦᠬᠡᠨ ᠲᠤᠭᠠᠳᠤ ᠦᠨᠳᠤᠰᠤᠳᠡᠨ ᠳᠤ | ᠦᠯᠡᠳᠡᠵᠤ ᠬᠤᠴᠤᠷᠪᠠ᠃ ᠲᠡᠳᠡᠨ ᠤ ᠤᠤᠭᠤᠳᠠᠭ ᠴᠠᠢ ᠶᠢᠨ ᠤᠯᠠᠩᠭᠢ ᠨᠢ ᠬᠡᠪ ᠤᠨ ᠴᠠᠢ ︵ᠲᠠᠷᠤᠰᠢᠭᠤᠯᠤᠬᠰᠠᠨ ᠴᠠᠢ︶ ᠶᠤᠮ᠃ ︽ᠴᠠᠢ ᠶᠢᠨ ᠨᠤᠮ︾ ᠳᠤ ︽ | ᠪᠦᠳᠦᠬᠦᠯᠢᠭ ᠴᠠᠢ᠂ ᠰᠤᠯᠨ ᠴᠠᠢ᠂ ᠨᠠᠩᠭᠢ ᠴᠠᠢ᠂ ᠲᠠᠪᠠᠭ ᠴᠠᠢ ᠶᠢ ᠤᠤᠭᠤᠮᠤᠢ︾ ᠭᠡᠵᠤ ᠲᠡᠮᠳᠡᠭᠯᠡᠵᠡᠢ᠃ ᠲᠠᠪᠠᠭ ᠴᠠᠢ ᠬᠡᠳᠡᠭ ᠨᠢ ᠨᠢᠠᠠᠳᠠ ᠲᠠᠷᠤᠰᠢᠭᠤᠯᠤᠬᠰᠠᠨ ᠴᠠᠢ᠂ | ᠵᠢᠱᠢᠶᠡᠯᠡᠪᠡᠯ ᠲᠠᠩ ᠤᠯᠤᠰ ᠤᠨ ᠵᠸᠡᠭ ᠴᠢᠩ ᠲᠤᠸᠠᠨ ᠲᠠᠪᠠᠭ ᠴᠠᠢ᠂ ᠰᠦᠡᠭ ᠤᠯᠤᠰ ᠤᠨ ᠦᠶ᠎ᠡ ᠶᠢᠨ ᠯᠦᠡᠭ ᠲᠤᠸᠠᠨ ᠹᠸᠡᠭ ᠪᠢᠡᠭ ᠴᠠᠢ ᠵᠡᠷᠬᠡ᠃ ᠡᠶᠢᠮᠤᠷᠬᠦᠤ ᠴᠠᠢ ᠶᠢ | ᠨᠦᠢᠳᠠᠨ ᠢᠶᠠᠷ ᠨᠢ ᠵᠢᠩᠨᠡᠵᠤ᠂ ᠬᠡᠮᠬᠡᠯᠵᠤ᠂ ᠲᠠᠷᠤᠰᠢᠭᠤᠯᠵᠤ ᠬᠡᠪᠰᠢᠬᠦᠯᠦᠭᠰᠡᠨ ᠤ ᠬᠤᠶᠢᠨ᠎ᠠ ᠬᠠᠳᠠᠭᠠᠵᠤ ᠬᠢᠳᠡᠭ ᠪᠤᠯᠬᠤᠷ ᠴᠢᠭᠢᠭ ᠨᠦᠢᠳᠠᠨ ᠳᠤ ᠲᠠᠭᠠᠭᠠᠴᠨ ᠲᠠᠢ᠂ | ᠵᠦᠬᠡᠬᠡᠪᠤᠷᠢᠯᠡᠬᠦ᠂ ᠬᠠᠳᠠᠭᠠᠯᠠᠬᠤ ᠳᠤ ᠲᠦᠬᠦᠮ᠂ ᠴᠠᠢ ᠶᠢᠨ ᠦᠨᠤᠷ ᠠᠮᠳᠠ ᠨᠢ ᠦᠳᠬᠡᠨ᠂ ᠮᠠᠷᠢᠶ᠎ᠠ ᠰᠢᠭᠤᠷᠠᠭᠤᠯᠬᠤ ᠳᠤ ᠲᠤᠬᠢᠷᠠᠮᠵᠢᠳᠠᠢ ᠵᠡᠷᠬᠡ ᠤᠨᠴᠠᠯᠢᠭ ᠲᠠᠢ ᠪᠤᠯᠬᠤᠷ | ᠬᠢᠯᠢ ᠬᠢᠵᠠᠭᠠᠷ ᠤᠷᠤᠨ ᠤ ᠴᠦᠬᠡᠨ ᠲᠤᠭᠠᠳᠤ ᠦᠨᠳᠤᠰᠤᠳᠡᠨ ᠤ ᠬᠢᠨ ᠳᠤ ᠮᠠᠰᠢ ᠲᠠᠭᠠᠯᠠᠬᠳᠠᠳᠠᠭ ᠠᠵᠢ᠃ | ᠴᠠᠢ ᠤᠤᠭᠤᠬᠤ ᠵᠠᠩᠰᠢᠯ ᠤᠨ ᠬᠢᠯᠢ ᠬᠢᠵᠠᠭᠠᠷ ᠪᠤᠭᠤᠮᠳᠠ ᠶᠢᠨ ᠭᠠᠳᠠᠨᠠᠬᠢ ᠴᠦᠬᠡᠨ ᠲᠤᠭᠠᠳᠤ ᠦᠨᠳᠤᠰᠤᠳᠡᠨ ᠤ ᠲᠦᠪᠯᠡᠷᠡᠨ ᠰᠠᠭᠤᠷᠢᠰᠢᠬᠰᠠᠨ ᠭᠠᠵᠠᠷ ᠤᠷᠤᠨ ᠳᠤ | ᠬᠦᠨ᠎ᠡ ᠲᠡᠯᠬᠡᠷᠡᠬᠦ ᠶᠢ ᠲᠠᠭᠠᠯᠳᠤᠨ ᠲᠡᠳᠡᠨ ᠤ ᠴᠠᠢ ᠶᠢᠨ ᠬᠡᠷᠡᠭᠴᠡᠭᠡ ᠴᠤ ᠲᠦᠷᠬᠡᠨ ᠨᠡᠮᠡᠭᠳᠡᠵᠡᠢ᠃ ᠬᠡᠪᠡᠴᠤ ᠬᠢᠵᠠᠭᠠᠷ ᠤᠷᠤᠨ ᠳᠤ ᠴᠠᠢ ᠭᠠᠷᠳᠠᠭ ᠦᠬᠡᠢ ᠤᠴᠢᠷ ᠠᠴᠠ | ᠲᠡᠳᠡᠨ ᠢ ᠲᠠᠩ ᠤᠨ ᠸᠠᠩᠳᠦ ᠲᠦᠷᠤ ᠶᠢᠨ ᠴᠠᠢ ᠶᠢᠨ ᠠᠵᠤ ᠠᠬᠤᠢ ᠠᠷᠠᠯᠵᠢᠶ᠎ᠠ ᠬᠤᠳᠠᠯᠳᠤᠭ᠎ᠠ ᠶᠢᠨ ᠤᠷᠤᠰᠬᠠᠯ ᠳᠤ ᠨᠡᠶᠢᠯᠡᠵᠤ ᠪᠠᠶᠢᠮᠠᠠᠵᠢᠨ ᠰᠠᠶ᠋ᠢ ᠴᠠᠢ ᠤᠯᠳᠠᠭ ᠪᠤᠯᠭᠠᠵᠠᠢ᠃ | ︽ᠴᠠᠢ ᠶᠢᠨ ᠴᠠᠳᠢᠭ︾ ᠲᠤ ︽ᠪᠠᠰᠨ ᠬᠡᠪ ᠤᠨ ᠬᠠᠷ᠎ᠠ ᠴᠠᠢ ᠪᠤᠢ᠂ ᠬᠡᠪ ᠪᠦᠷᠢ ᠲᠦᠴᠢᠨ ᠯᠠᠩ᠂ ᠭᠤᠤᠯᠳᠠᠭᠤ ᠪᠠᠷᠠᠭᠤᠨ ᠲᠦᠪᠡᠳ᠂ ᠳ᠋ᠠᠩᠰᠢᠶᠠᠩ ᠳᠤᠷ ᠤᠷᠤᠮᠤᠢ︾ | ᠭᠡᠵᠦ ᠲᠡᠮᠳᠡᠭᠯᠡᠵᠡᠢ᠃ ᠮᠤᠤ ᠸᠧᠨ ᠰᠢ ᠶᠢᠨ ᠲᠡᠮᠳᠡᠭᠯᠡᠭᠰᠡᠨ ᠨᠢ ᠲᠠᠩ ᠤᠯᠤᠰ ᠮᠦᠬᠦᠭᠰᠡᠨ ᠤ ᠲᠠᠷᠠᠭᠠᠬᠢ ᠲᠠᠪᠤᠨ ᠲᠦᠷᠤ ᠶᠢᠨ ᠦᠶ᠎ᠡ ᠶᠢᠨ ᠪᠠᠶᠢᠳᠠᠯ ᠶᠤᠮ᠃ ᠡᠬᠦᠨ ᠠᠴᠠ᠂ | ᠪᠢᠳᠠ ᠲᠤᠬᠠᠢ ᠶᠢᠨ ᠦᠶ᠎ᠡ ᠳᠤ ᠲᠠᠪᠠᠭ ᠴᠠᠢ ᠶᠢ ᠬᠢᠯᠢ ᠬᠢᠵᠠᠭᠠᠷ ᠤᠷᠤᠨ ᠳᠤ ᠶᠡᠭᠡ ᠬᠡᠮᠵᠢᠶ᠎ᠡ ᠪᠠᠷ ᠫᠠᠨᠽᠠᠯᠠᠨ ᠵᠦᠬᠡᠬᠡᠪᠤᠷᠢᠯᠡᠬᠡᠳ ᠬᠤᠳᠠᠯᠳᠤᠵᠤ ᠪᠠᠶᠢᠬᠰᠠᠨ ᠭᠡᠰᠡᠨ ᠢ | ᠲᠠᠭᠠᠮᠠᠬᠯᠠᠵᠤ ᠪᠤᠯᠤᠨ᠎ᠠ᠃ | | | | ᠰᠦᠡᠭ ᠱᠢ ᠯᠸᠢ᠄ ᠦᠬᠠᠨ ᠶᠡᠭᠡ ᠰᠤᠷᠭᠠᠭᠤᠯᠢ ᠶᠢᠨ ᠴᠠᠢ ᠶᠢᠨ ᠰᠤᠶᠤᠯ ᠤᠨ ᠰᠤᠳᠤᠯᠭᠠᠨ ᠤ ᠲᠦᠪ ᠤᠨ ᠰᠤᠳᠤᠯᠤᠠᠠᠴᠢ᠂ ᠲᠡᠳ᠋ ᠡᠷᠬᠢᠯᠡᠭᠴᠢ᠂ ᠲᠤᠮᠳᠠᠳᠤ | ᠤᠯᠤᠰ ᠤᠨ ᠤᠯᠠᠨ ᠤᠯᠤᠰ ᠤᠨ ᠴᠠᠢ ᠶᠢᠨ ᠰᠤᠶᠤᠯ ᠤᠨ ᠰᠤᠳᠤᠯᠭᠠᠨ ᠤ ᠨᠡᠶᠢᠬᠡᠮᠯᠢᠭ ᠤᠨ ᠡᠷᠳᠡᠮ ᠰᠢᠨᠵᠢᠯᠡᠬᠡᠨ ᠤ ᠵᠦᠪᠯᠡᠯ ᠤᠨ ᠬᠡᠰᠢᠬᠦᠨ᠃ ᠯᠢᠤ ᠮᠸᠡᠭ ᠯᠢᠩ᠄ ᠦᠬᠠᠨ | ᠶᠡᠭᠡ ᠰᠤᠷᠭᠠᠭᠤᠯᠢ ᠶᠢᠨ ᠲᠡᠤᠬᠡ ᠶᠢᠨ ᠲᠡᠬᠡᠳᠤ ᠰᠤᠷᠭᠠᠭᠤᠯᠢ ᠶᠢᠨ ᠮᠠᠰᠲ᠋ᠧᠷ᠃ | |