ᠬᠠᠩᠵᠸᠦ ᠶᠢᠨ ᠠᠽᠢᠶ᠎ᠠ ᠶᠢᠨ ᠪᠡᠶ᠎ᠡ ᠶᠢᠨ ᠲᠠᠮᠢᠷ ᠤᠨ ᠴᠣᠭᠯᠠᠭᠠᠨ ᠤ ᠵᠠᠷᠢᠮ ᠲᠥᠷᠦᠯ ᠵᠦᠢᠯ ᠤᠷᠢᠳᠠᠪᠠᠷ ᠡᠬᠢᠯᠡᠪᠡ
ᠨᠡᠶᠢᠲᠡᠯᠡᠭᠰᠡᠨ ᠴᠠᠭ᠄
2023/9/22
             19 ᠤ ᠡᠳᠦᠷ ᠪᠣᠯᠲᠠᠯ᠎ᠠ ᠬᠠᠩᠵᠸᠦ ᠳᠤ ᠪᠣᠯᠬᠤ 19 ᠳ᠋ᠦ᠋ᠭᠡᠷ ᠬᠤᠭᠤᠴᠠᠭᠠᠨ ᠤ ᠠᠽᠢᠶ᠎ᠠ ᠶᠢᠨ ᠪᠡᠶ᠎ᠡ ᠶᠢᠨ ᠲᠠᠮᠢᠷ ᠤᠨ ᠴᠤᠭᠯᠠᠭᠠᠨ ᠡᠬᠢᠯᠡᠬᠦ ᠳᠤ ᠪᠠᠰᠠ ᠳᠥᠷᠪᠡᠨ ᠡᠳᠦᠷ ᠦᠯᠡᠳᠡᠭᠡᠦᠨ ᠪᠠᠶᠢᠨ᠎ᠠ᠃ ᠬᠠᠩᠵᠸᠦ ᠶᠢᠨ ᠠᠽᠢᠶ᠎ᠠ ᠶᠢᠨ ᠪᠡᠶ᠎ᠡ ᠶᠢᠨ  ᠲᠠᠮᠢᠷ ᠤᠨ ᠴᠤᠭᠯᠠᠭᠠᠨ ᠤ ᠬᠡᠪᠯᠡᠯ ᠮᠡᠳᠡᠭᠡᠯᠡᠯ ᠤᠨ ᠲᠥᠪ ᠤᠨ ᠬᠢᠨ 18 ᠤ ᠡᠳᠦᠷ ᠠᠯᠪᠠᠨ ᠶᠤᠰᠤᠭᠠᠷ ᠠᠵᠢᠯ ᠢᠶᠠᠨ ᠡᠬᠢᠯᠡᠭᠰᠡᠨ ᠪᠠᠶᠢᠨ᠎ᠠ᠃ ᠥᠨᠥᠳᠦᠷ᠂ ᠬᠠᠩᠵᠸᠦ ᠶᠢᠨ ᠠᠽᠢᠶ᠎ᠠ ᠶᠢᠨ ᠪᠡᠶ᠎ᠡ ᠶᠢᠨ ᠲᠠᠮᠢᠷ ᠤᠨ ᠴᠣᠭᠯᠠᠭᠠᠨ ᠤ  ᠬᠥᠯ  ᠪᠥᠮᠪᠦᠭᠡ᠂ ᠠᠯᠠᠭᠠᠳᠠᠬᠤ  ᠪᠥᠪᠦᠭᠡ᠂ ᠡᠯᠡᠰᠦᠨ ᠲᠠᠩ ᠤᠨ ᠠᠯᠠᠭᠠᠳᠠᠬᠤ ᠪᠥᠮᠪᠦᠭᠡ᠂ ᠠᠩᠭᠧᠯᠢ  ᠪᠥᠮᠪᠦᠭᠡ  ᠵᠡᠷᠭᠡ  ᠲᠥᠷᠦᠯ  ᠵᠦᠢᠯ ᠤᠨ ᠤᠷᠤᠯᠳᠤᠭᠠᠨ  ᠤᠷᠢᠳᠠᠪᠠᠷ ᠶᠠᠪᠤᠭᠳᠠᠬᠤ ᠪᠣᠯᠣᠨ᠎ᠠ᠃                      ᠬᠠᠩᠵᠸᠦ ᠶᠢᠨ ᠠᠽᠢᠶ᠎ᠠ ᠶᠢᠨ ᠪᠡᠶ᠎ᠡ ᠶᠢᠨ ᠲᠠᠮᠢᠷ ᠤᠨ ᠴᠤᠭᠯᠠᠭᠠᠨ ᠤ ᠬᠡᠪᠯᠡᠯ ᠮᠡᠳᠡᠭᠡᠯᠡᠯ ᠤᠨ ᠲᠥᠪ ᠲᠤ ᠰᠣᠨᠢᠨ‌ᠮᠡᠳᠡᠭᠡᠨ ᠤ ᠲᠥᠪ᠂ ᠣᠯᠠᠨ‌ᠤᠯᠤᠰ ᠤᠨ ᠷᠠᠳᠢᠤ᠋ ᠵᠢᠨ‌‍ᠲ᠋ᠥ᠋ᠪ᠂ ᠠᠮᠢᠳᠤᠷᠠᠯ ᠤᠨ ᠦᠢᠯᠡᠴᠢᠯᠡᠭᠡᠨ ᠤ ᠲᠥᠪ ᠪᠠ  ᠶᠡᠷᠦᠩᠬᠡᠶᠢᠯᠡᠭᠰᠡᠨ ᠦᠢᠯᠡᠴᠢᠯᠡᠭᠡ ᠶᠢᠨ ᠲᠥᠪ ᠵᠡᠷᠭᠡ ᠪᠠᠭᠲᠠᠵᠤ ᠪᠠᠶᠢᠨ᠎ᠠ᠃ ᠲᠥᠪ ᠭᠠᠵᠠᠷ ᠨᠢ 9 ᠳ᠋ᠦ᠋ᠭᠡᠷ ᠰᠠᠷ᠎ᠠ ᠶᠢᠨ 17 ᠤ  ᠡᠳᠦᠷ ᠠᠴᠠ 10 ᠳ᠋ᠤᠭᠠᠷ ᠰᠠᠷ᠎ᠠ ᠶᠢᠨ 8 ᠤ ᠡᠳᠦᠷ ᠪᠣᠯᠲᠠᠯ᠎ᠠ ᠠᠵᠢᠯᠯᠠᠵᠤ᠂ ᠬᠠᠩᠵᠸᠦ ᠶᠢᠨ ᠠᠽᠢᠶ᠎ᠠ ᠶᠢᠨ ᠪᠡᠶ᠎ᠡ ᠶᠢᠨ ᠲᠠᠮᠢᠷ ᠤᠨ ᠴᠤᠭᠯᠠᠭᠠᠨ ᠤ ᠬᠡᠪᠯᠡᠯ ᠮᠡᠳᠡᠭᠡᠯᠡᠯ ᠤᠨ ᠲᠥᠪ ᠤᠨ ᠬᠢᠨ ᠡᠳᠦᠷ ᠪᠣᠯᠭᠠᠨ 24 ᠴᠠᠭ ᠢᠶᠠᠷ ᠬᠡᠪᠯᠡᠯ ᠮᠡᠳᠡᠭᠡᠯᠡᠯ ᠳᠤ ᠦᠢᠯᠡᠴᠢᠯᠡᠭᠡ ᠬᠠᠩᠭᠠᠵᠤ᠂ ᠲᠦᠮᠡ ᠭᠠᠷᠤᠢ ᠬᠡᠪᠯᠡᠯ ᠮᠡᠳᠡᠭᠡᠯᠡᠯ ᠤᠨ ᠰᠤᠷᠪᠤᠯᠵᠢᠯᠠᠭᠴᠢ ᠠᠳᠡ ᠤᠷᠤᠯᠳᠤᠭᠠᠨ ᠤ ᠪᠠᠶᠢᠳᠠᠯ ᠢ ᠮᠡᠳᠡᠭᠡᠯᠡᠬᠦ ᠪᠣᠯᠣᠨ᠎ᠠ᠃                       ᠥᠨᠥᠳᠦᠷ᠂ ᠬᠠᠩᠵᠸᠦ  ᠶᠢᠨ  ᠠᠽᠢᠶ᠎ᠠ  ᠶᠢᠨ  ᠪᠡᠶ᠎ᠡ ᠶᠢᠨ ᠲᠠᠮᠢᠷ ᠤᠨ ᠴᠤᠭᠯᠠᠭᠠᠨ ᠤ  ᠡᠯᠡᠰᠦᠨ  ᠲᠠᠩ ᠤᠨ ᠠᠯᠠᠭᠠᠳᠠᠬᠤ ᠪᠥᠮᠪᠦᠭᠡ᠂ ᠠᠩᠭᠧᠯᠢ ᠪᠥᠮᠪᠦᠭᠡ᠂ ᠠᠯᠠᠭᠠᠳᠠᠬᠤ ᠪᠥᠮᠪᠦᠭᠡ᠂ ᠬᠥᠯ ᠪᠥᠮᠪᠦᠭᠡ ᠵᠡᠷᠭᠡ ᠬᠡᠰᠡᠭ ᠤᠷᠤᠯᠳᠤᠭᠠᠨ ᠡᠬᠢᠯᠡᠬᠦ ᠪᠠᠷ ᠪᠠᠶᠢᠨ᠎ᠠ᠃ ᠥᠴᠥᠭᠡᠳᠦᠷ ᠦᠳᠡ ᠶᠢᠨ ᠡᠮᠦᠨ᠎ᠡ᠂ ᠨᠢᠩᠪᠥ᠋ᠸᠧ ᠶᠢᠨ ᠰᠢᠶᠠᠩ ᠱᠠᠨ ᠤ ᠡᠯᠡᠰᠦᠨ ᠲᠠᠩ ᠤᠨ ᠠᠯᠠᠭᠠᠳᠠᠬᠤ  ᠪᠥᠮᠪᠦᠭᠡ ᠶᠢᠨ ᠲᠥᠪ ᠤᠨ ᠲᠠᠪᠤᠨ ᠣᠷᠳᠤᠨ ᠲᠠᠯᠠᠪᠤᠷ ᠪᠦᠷ ᠣᠷᠤᠯᠳᠤᠭᠠᠨ ᠶᠠᠪᠤᠭᠳᠠᠬᠤ ᠳᠤ  ᠪᠡᠯᠡᠬᠡᠨ  ᠪᠣᠯᠵᠤ᠂  ᠺᠣᠷᠧᠶ᠎ᠠ᠂  ᠢᠷᠡᠨ᠂ ᠢᠨᠳᠤᠨᠧᠰᠢᠶ᠎ᠠ ᠪᠠ ᠳᠤᠮᠳᠠᠳᠤ ᠤᠯᠤᠰ ᠤᠨ ᠣᠣᠮᠧᠨ ᠵᠡᠷᠭᠡ ᠤᠯᠤᠰ ᠣᠷᠤᠨ ᠤ ᠲᠥᠯᠦᠭᠡᠯᠡᠭᠴᠢᠦᠨ ᠤᠨ ᠪᠠᠭ ᠤᠨ ᠬᠢᠨ ᠠᠳᠡ ᠰᠤᠷᠢᠯᠲᠠ ᠪᠣᠯᠪᠠᠰᠤᠷᠠᠯ ᠬᠢᠭᠰᠡᠨ ᠪᠠᠶᠢᠨ᠎ᠠ᠃                      19 ᠤ ᠣᠷᠤᠢ᠂ ᠳᠤᠮᠳᠠᠳᠤ ᠤᠯᠤᠰ ᠤᠨ ᠡᠷᠡᠭᠲᠡᠢ ᠶᠢᠨ ᠬᠥᠯ ᠪᠥᠮᠪᠦᠭᠡ ᠶᠢᠨ ᠪᠠᠭ ᠤᠨ ᠬᠢᠨ ᠬᠠᠩᠵᠸᠦ ᠶᠢᠨ ᠬᠤᠸᠠᠩ ᠯᠦᠩ ᠪᠡᠶ᠎ᠡ ᠶᠢᠨ ᠲᠠᠮᠢᠷ ᠤᠨ ᠲᠥᠪ ᠭᠠᠵᠠᠷ ᠲᠤ ᠡᠨᠡᠦᠨᠬᠡᠭ ᠤᠨ ᠪᠠᠭ ᠲᠠᠢ ᠤᠷᠤᠯᠳᠤᠬᠤ ᠪᠣᠯᠣᠨ᠎ᠠ᠃      
ᠢᠷᠡᠯᠲᠡ᠄ ᠠᠷᠠᠳ ᠤᠨ ᠰᠦᠯᠵᠢᠶ᠎ᠡ