ᠡᠪᠦᠯ ᠤᠨ ᠤᠯᠠᠷᠢᠯ ᠳᠤ ᠶᠠᠰᠤᠲᠤ ᠮᠡᠯᠡᠬᠡᠢ᠂ ᠯᠠᠭ ᠮᠡᠯᠡᠬᠡᠢ ᠶᠢᠨ ᠬᠠᠯᠳᠠᠪᠤᠷᠢᠲᠤ ᠡᠪᠡᠳᠴᠢᠨ ᠢ ᠬᠡᠷᠬᠢᠨ ᠰᠡᠷᠭᠡᠶᠢᠯᠡᠬᠦ ᠪᠣᠢ
ᠨᠡᠶᠢᠲᠡᠯᠡᠭᠰᠡᠨ ᠴᠠᠭ᠄
2023/9/27
     ᠶᠠᠰᠤᠲᠤ ᠮᠡᠯᠡᠬᠡᠢ᠂ ᠯᠠᠭ ᠮᠡᠯᠡᠬᠡᠢ ᠡᠪᠦᠯ ᠤᠨ ᠤᠯᠠᠷᠢᠯ ᠳᠤ ᠢᠴᠡᠭᠡᠯᠡᠬᠦ ᠪᠠᠶᠢᠳᠠᠯ ᠳᠤ ᠪᠠᠶᠢᠵᠤ᠂ ᠡᠭᠡᠯᠢᠯᠡᠭᠡ ᠶᠢᠨ ᠴᠢᠳᠠᠪᠤᠷᠢ ᠪᠠ ᠡᠪᠡᠳᠴᠢᠨ ᠢ ᠡᠰᠡᠷᠭᠦᠴᠡᠬᠦ ᠴᠢᠳᠠᠪᠤᠷᠢ ᠨᠢ ᠢᠯᠡᠳᠲᠡ ᠪᠠᠭᠤᠷᠠᠵᠤ᠂ ᠠᠮᠠᠷᠬᠠᠨ ᠡᠪᠡᠳᠴᠢᠨ ᠬᠠᠯᠳᠠᠪᠤᠷᠢᠯᠠᠳᠠᠭ᠃ ᠳᠣᠣᠷᠠᠬᠢ ᠮᠡᠲᠦ ᠳᠥᠷᠪᠡᠨ ᠠᠷᠭ᠎ᠠ ᠶᠢ ᠬᠡᠷᠡᠭᠯᠡᠪᠡᠯ ᠡᠪᠦᠯ ᠤᠨ ᠤᠯᠠᠷᠢᠯ ᠳᠤ ᠶᠠᠰᠤᠲᠤ ᠮᠡᠯᠡᠬᠡᠢ᠂ ᠯᠠᠭ ᠮᠡᠯᠡᠬᠡᠢ ᠶᠢᠨ ᠬᠠᠯᠳᠠᠪᠤᠷᠢᠯᠠᠯ ᠢ ᠪᠦᠲᠦᠮᠵᠢᠲᠡᠶ ᠰᠡᠷᠭᠡᠶᠢᠯᠡᠵᠦ ᠴᠢᠳᠠᠨ᠎ᠠ᠃          ᠮᠢᠺᠷᠣᠪ ᠤᠨ ᠠᠭᠤᠰᠤᠮᠠᠯ ᠰᠠᠴᠤᠬᠤ      ᠲᠡᠵᠢᠭᠡᠪᠦᠷᠢ ᠶᠢᠨ ᠴᠦᠭᠦᠷᠦᠮ ᠳᠤ 25 — 30 ᠳᠠᠬᠢᠨ EM ᠪᠠᠺᠲ᠋ᠧᠷᠢ ᠶᠢᠨ ᠠᠭᠤᠰᠤᠮᠠᠯ ᠪᠤᠶᠤ 80 — 100 ᠳᠠᠬᠢᠨ ᠬᠤᠪᠠᠭ᠋ᠠᠢ ᠡᠪᠡᠰᠦᠨ ᠤ ᠰᠫᠣᠷᠲᠦ ᠰᠠᠪᠬᠠᠨ ᠪᠠᠺᠲ᠋ᠧᠷᠢ ᠶᠢᠨ ᠠᠭᠤᠰᠤᠮᠠᠯ ᠢ ᠰᠠᠴᠤᠵᠤ᠂ ᠲᠡᠭᠰᠢ ᠳᠥᠷᠪᠡᠯᠵᠢᠨ ᠮᠧᠳ᠋ᠷ ᠪᠦᠷᠢ ᠳᠤ 2 — 3 ᠺᠢᠯᠣᠭ᠍ᠷᠠᠮ ᠤᠰᠤᠨ ᠤ ᠭᠠᠳᠠᠷᠭᠤ ᠳᠤ 10 — 15 ᠡᠳᠦᠷ ᠲᠤ ᠨᠢᠭᠡ ᠤᠳᠠᠭ᠎ᠠ ᠰᠠᠴᠤᠵᠤ᠂ ᠦᠷᠭᠦᠯᠵᠢᠯᠡᠨ 2 — 3 ᠤᠳᠠᠭ᠎ᠠ ᠰᠠᠴᠤᠨ᠎ᠠ᠃     ᠡᠪᠡᠰᠦ ᠮᠣᠳᠣᠨ ᠤ ᠦᠨᠡᠰᠦ ᠰᠠᠴᠤᠬᠤ      ᠬᠠᠭᠤᠷᠠᠢ ᠴᠡᠪᠡᠷ ᠡᠪᠡᠰᠦ ᠮᠣᠳᠣᠨ ᠤ ᠦᠨᠡᠰᠦ ᠶᠢ ᠲᠡᠵᠢᠭᠡᠪᠦᠷᠢ ᠶᠢᠨ ᠴᠦᠭᠦᠷᠦᠮ ᠳᠤ ᠰᠠᠴᠤᠵᠤ᠂ ᠮᠦ ᠪᠦᠷᠢ ᠳᠤ 25 — 30 ᠺᠢᠯᠣᠭ᠍ᠷᠠᠮ ᠰᠠᠴᠤᠵᠤ᠂ 15 — 20 ᠡᠳᠦᠷ ᠲᠤ ᠨᠢᠭᠡ ᠤᠳᠠᠭ᠎ᠠ ᠰᠠᠴᠤᠵᠤ᠂ ᠦᠷᠭᠦᠯᠵᠢᠯᠡᠨ 2 — 3 ᠤᠳᠠᠭ᠎ᠠ ᠰᠠᠴᠤᠵᠤ᠂ ᠤᠰᠤᠨ ᠤ ᠭᠠᠳᠠᠷᠭᠤ ᠳᠡᠭᠡᠷ᠎ᠡ ᠵᠢᠭᠳᠡ ᠰᠠᠴᠤᠨ᠎ᠠ᠃      ᠪᠠᠭ᠎ᠠ ᠰᠤᠳᠠ ᠶᠢᠨ ᠠᠭᠤᠰᠤᠮᠠᠯ ᠰᠠᠴᠤᠬᠤ     0.3 — 0.5% ᠶᠢᠨ ᠪᠠᠭ᠎ᠠ ᠰᠤᠳᠠ ︵ᠨᠡᠭᠦᠷᠡᠰᠦᠬᠦ᠋ᠴᠢᠯ ᠤᠨ ᠤᠰᠤᠲᠥ᠋ᠷᠥᠭᠴᠢᠲᠤ ᠨᠠᠳ᠋ᠷᠢ︶ ᠶᠢᠨ ᠠᠭᠤᠰᠤᠮᠠᠯ ᠢ ᠲᠡᠵᠢᠭᠡᠪᠦᠷᠢ ᠶᠢᠨ ᠴᠥᠭᠦᠷᠥᠮ ᠳᠤ ᠰᠠᠴᠤᠵᠤ᠂ ᠲᠡᠭᠰᠢ ᠳᠥᠷᠪᠡᠯᠵᠢᠨ ᠮᠧᠳ᠋ᠷ ᠪᠦᠷᠢ ᠳᠤ 3 — 5 ᠺᠢᠯᠣᠭ᠍ᠷᠠᠮ ᠰᠠᠴᠤᠵᠤ᠂ 5 — 6 ᠡᠳᠦᠷ ᠲᠤ ᠨᠢᠭᠡ ᠤᠳᠠᠭ᠎ᠠ ᠰᠠᠴᠤᠵᠤ᠂ ᠦᠷᠭᠦᠯᠵᠢᠯᠡᠨ 8 — 10 ᠤᠳᠠᠭ᠎ᠠ ᠰᠠᠴᠤᠵᠤ᠂ ᠤᠰᠤᠨ ᠤ ᠭᠠᠳᠠᠷᠭᠤ ᠳᠡᠭᠡᠷ᠎ᠡ ᠵᠢᠭᠳᠡ ᠰᠠᠴᠤᠨ᠎ᠠ᠃      ᠸᠢᠲ᠋ᠠᠮᠢᠨ C ᠶᠢᠨ ᠠᠭᠤᠰᠤᠮᠠᠯ ᠰᠠᠴᠤᠬᠤ      ᠲᠡᠵᠢᠭᠡᠪᠦᠷᠢ ᠶᠢᠨ ᠲᠠᠲᠠᠭᠠᠯ ᠳᠤ 0.1 — 0.2% ᠤᠨ ᠸᠢᠲ᠋ᠠᠮᠢᠨ C ᠶᠢᠨ ᠠᠭᠤᠰᠤᠮᠠᠯ ᠢ ᠰᠠᠴᠤᠵᠤ᠂ ᠲᠡᠭᠰᠢ ᠳᠥᠷᠪᠡᠯᠵᠢᠨ ᠮᠧᠳ᠋ᠷ ᠪᠦᠷᠢ ᠳᠤ 2 — 3 ᠺᠢᠯᠣᠭ᠍ᠷᠠᠮ ᠰᠠᠴᠤᠵᠤ᠂ 7 — 10 ᠡᠳᠦᠷ ᠲᠤ ᠨᠢᠭᠡ ᠤᠳᠠᠭ᠎ᠠ ᠰᠠᠴᠤᠵᠤ᠂ ᠦᠷᠭᠦᠯᠵᠢᠯᠡᠨ 3 — 5 ᠤᠳᠠᠭ᠎ᠠ ᠰᠠᠴᠤᠵᠤ᠂ ᠤᠰᠤᠨ ᠤ ᠭᠠᠳᠠᠷᠭᠤ ᠳᠤ ᠵᠢᠭᠳᠡ ᠰᠠᠴᠣᠨ᠎ᠠ᠃ ︵ᠽᠧᠦ ᠬᠠᠢ ᠲᠠᠩ︶   
ᠢᠷᠡᠯᠲᠡ᠄ ᠦᠪᠦᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠡᠮ