ᠬᠤᠳᠠᠯᠳᠤᠵᠦ ᠲᠠᠭᠤᠰᠪᠠ︕ ᠰᠢᠨ᠎ᠡ ᠵᠢᠯ ᠴᠠᠭᠠᠨ ᠰᠠᠷ᠎ᠠ ᠶᠢᠨ ᠠᠮᠠᠷᠠᠯᠲᠠ ᠶᠢᠨ  ᠬᠤᠭᠤᠴᠠᠭᠠᠨ ᠳᠠᠬᠢ ᠲᠡᠭᠦᠨ ᠤ ᠵᠠᠬᠢᠶᠠᠯᠠᠭ᠎ᠠ ᠶᠡᠭᠡ ᠪᠠᠷ ᠨᠡᠮᠡᠭᠳᠡᠵᠡᠢ
ᠨᠡᠶᠢᠲᠡᠯᠡᠭᠰᠡᠨ ᠴᠠᠭ᠄
2024/1/15
      ᠰᠤᠷᠪᠤᠯᠵᠢᠯᠠᠭᠴᠢ ᠰᠦᠯᠵᠢᠶᠡᠨ ᠳᠡᠭᠡᠷᠡᠬᠢ ᠵᠢᠭᠤᠯᠴᠢᠯᠠᠯ ᠤᠨ ᠵᠠᠬᠢᠶᠠᠯᠠᠭ᠎ᠠ ᠶᠢᠨ ᠲᠠᠪᠴᠠᠩ ᠠᠴᠠ ᠣᠶᠢᠯᠠᠭᠠᠭᠰᠠᠨ ᠢᠶᠠᠷ᠂ ᠰᠢᠨ᠎ᠡ ᠵᠢᠯ ᠤᠨ ᠠᠮᠠᠷᠠᠯᠲᠠ ᠶᠢᠨ ᠵᠢᠭᠤᠯᠴᠢᠯᠠᠯ ᠤᠨ ᠵᠠᠬᠢᠶᠠᠯᠠᠭ᠎ᠠ ᠶᠢᠨ ᠪᠥᠬᠦ ᠬᠡᠮᠵᠢᠶ᠎ᠡ ᠠᠳᠠᠯᠢ ᠬᠤᠭᠤᠴᠠᠭᠠᠨ ᠤ ᠬᠢ ᠠᠴᠠ ᠪᠠᠨ 4 ᠳᠠᠬᠢᠨ ᠨᠡᠮᠡᠭᠳᠡᠪᠡ᠂ ᠡᠭᠦᠨ ᠳᠤ ᠨᠢᠰᠬᠡᠯ ᠤᠨ ᠪᠢᠯᠧᠲ ᠤᠨ ᠵᠠᠬᠢᠶᠠᠯᠠᠭ᠎ᠠ ᠠᠳᠠᠯᠢ  ᠬᠤᠭᠤᠴᠠᠭᠠᠨ ᠤ ᠬᠢ ᠠᠴᠠ   ᠪᠠᠨ  4  ᠳᠠᠬᠢᠨ ᠨᠡᠮᠡᠭᠳᠡᠵᠦ᠂ ᠪᠠᠭᠤᠳᠠᠯ ᠤᠨ ᠵᠠᠬᠢᠶᠠᠯᠠᠭ᠎ᠠ ᠶᠢᠨ ᠬᠡᠮᠵᠢᠶ᠎ᠡ ᠠᠳᠠᠯᠢ ᠬᠤᠭᠤᠴᠠᠭᠠᠨ ᠤ ᠬᠢ ᠠᠴᠠ ᠪᠠᠨ 5 ᠳᠠᠬᠢᠨ ᠨᠡᠮᠡᠭᠳᠡᠵᠡᠢ᠃              ᠰᠦᠯᠵᠢᠶᠡᠨ ᠳᠡᠭᠡᠷᠡᠬᠢ  ᠵᠢᠭᠤᠯᠴᠢᠯᠠᠯ ᠤᠨ ᠲᠠᠪᠴᠠᠩ ᠤᠨ ᠲᠤᠭ᠎ᠠ  ᠪᠠᠷᠢᠮᠲᠠ ᠶᠢ ᠦᠨᠳᠦᠰᠦᠯᠡᠪᠡᠯ᠂ ᠤᠳᠤᠬᠠᠨ ᠪᠣᠯᠲᠠᠯ᠎ᠠ᠂ ᠰᠢᠨ᠎ᠡ ᠵᠢᠯ ᠤᠨ ᠠᠮᠠᠷᠠᠯᠲᠠ ᠶᠢᠨ ᠬᠤᠭᠤᠴᠠᠭᠠᠨ ᠤ ᠵᠢᠭᠤᠯᠴᠢᠯᠠᠯ ᠤᠨ ᠬᠠᠯᠠᠭᠤᠷᠠᠯ ᠠᠳᠠᠯᠢ ᠬᠤᠭᠤᠴᠠᠭᠠᠨ ᠤ ᠬᠢ ᠠᠴᠠ ᠪᠠᠨ  181 ᠪᠠᠷ  ᠨᠡᠮᠡᠭᠳᠡᠪᠡ᠃ 12 ᠰᠠᠷ᠎ᠠ ᠳᠤ ᠣᠷᠣᠭᠰᠠᠨ ᠠᠴᠠ ᠨᠠᠭᠠᠰᠢ᠂ ᠰᠢᠨ᠎ᠡ ᠵᠢᠯ ᠤᠨ ᠠᠮᠠᠷᠠᠯᠲᠠ ᠶᠢᠨ ᠬᠤᠭᠤᠴᠠᠭᠠᠨ ᠳᠤ  ᠭᠠᠳᠠᠭᠰᠢ ᠭᠠᠷᠬᠤ  ᠵᠢᠭᠤᠯᠴᠢᠯᠠᠯ ᠤᠨ ᠪᠦᠲᠦᠭᠡᠭᠳᠡᠬᠦᠨ ᠤ ᠵᠠᠬᠢᠶᠠᠯᠠᠭ᠎ᠠ ᠶᠢᠨ ᠬᠡᠮᠵᠢᠶ᠎ᠡ ᠲᠦᠷᠦᠭᠦᠦ ᠰᠠᠷ᠎ᠠ ᠶᠢᠨ ᠬᠢ ᠠᠴᠠ ᠪᠠᠨ 57% ᠪᠠᠷ ᠨᠡᠮᠡᠭᠳᠡᠵᠦ᠂ ᠴᠠᠰᠤ ᠮᠥᠰᠥᠨ ᠳᠤ ᠵᠤᠭᠠᠴᠠᠬᠤ ᠪᠠ ᠬᠦᠢᠳᠡᠨ ᠠᠴᠠ  ᠵᠠᠶᠢᠯᠠᠬᠤ ᠨᠢ ᠠᠮᠠᠷᠠᠯᠲᠠ ᠶᠢᠨ ᠬᠤᠭᠤᠴᠠᠭᠠᠨ ᠤ ᠭᠠᠳᠠᠭᠰᠢ ᠭᠠᠷᠬᠤ ᠬᠤᠶᠠᠷ ᠶᠡᠭᠡ ᠭᠤᠤᠯ ᠰᠡᠳᠦᠪ ᠪᠤᠯᠤᠬᠰᠠᠨ ᠪᠠᠶᠢᠨ᠎ᠠ᠃              ᠡᠨᠡ ᠵᠢᠯ ᠤᠨ ᠡᠪᠦᠯ ᠪᠣᠯ ᠤᠮᠠᠷᠠᠲᠤ ᠬᠠᠭᠠᠰ ᠪᠥᠮᠪᠥᠷᠴᠡᠭ ᠤᠨ ᠲᠦᠢᠯ ᠤᠨ ᠲᠤᠶᠠᠭ᠎ᠠ ᠶᠢ ᠠᠵᠢᠭᠯᠠᠬᠤ ᠰᠠᠶᠢᠨ ᠲᠣᠬᠢᠶᠠᠯ ᠮᠥᠨ᠂ ᠲᠦᠢᠯ ᠤᠨ ᠲᠤᠶᠠᠭ᠎ᠠ ᠶᠢᠨ ᠭᠤᠤᠯ ᠰᠡᠳᠦᠪᠲᠦ  ᠵᠢᠭᠤᠯᠴᠢᠯᠠᠯ ᠤᠨ ᠱᠤᠭᠤᠮ ᠤᠨ ᠬᠠᠯᠠᠭᠤᠷᠠᠯ ᠲᠦᠷᠭᠡᠨ ᠨᠡᠮᠡᠭᠳᠡᠵᠦ᠂ ᠠᠰᠠᠭᠤᠨ ᠯᠠᠪᠯᠠᠬᠤ ᠬᠥᠮᠦᠨ ᠤ ᠲᠤᠭ᠎ᠠ ᠨᠢ 2019 ᠣᠨ ᠤ ᠠᠳᠠᠯᠢ ᠬᠤᠭᠤᠴᠠᠭᠠᠨ ᠤ ᠬᠢ ᠠᠴᠠ 200% ᠰᠢᠬᠠᠮ ᠨᠡᠮᠡᠭᠳᠡᠵᠡᠶ᠃ ᠤᠯᠤᠰ ᠤᠨ ᠳᠣᠲᠣᠭᠠᠳᠤ ᠶᠢᠨ ᠬᠠᠷᠪᠢᠨ — ᠮᠦᠸᠧᠾᠧ ᠶᠢᠨ ᠵᠢᠭᠤᠯᠴᠢᠯᠠᠯ ᠤᠨ ᠱᠤᠭᠤᠮ ᠵᠢᠴᠢ ᠤᠮᠠᠷᠠᠲᠤ ᠧᠦ᠋ᠷᠣᠫᠠ ᠶᠢᠨ ᠹᠢᠨᠯᠠᠨᠳ᠋ ᠵᠡᠷᠭᠡ  ᠤᠯᠤᠰ ᠤᠨ ᠲᠦᠢᠯ ᠤᠨ ᠲᠤᠶᠠᠭ᠎ᠠ ᠶᠢᠨ ᠭᠤᠣᠯ ᠰᠡᠳᠦᠪᠲᠦ ᠵᠢᠭᠤᠯᠴᠢᠯᠠᠯ ᠨᠢ ᠵᠢᠭᠤᠯᠴᠢᠯᠠᠭᠴᠢᠳ ᠤᠨ ᠬᠦᠷᠢᠶᠡᠯᠡᠯ ᠢ ᠬᠠᠮᠤᠭ ᠠᠴᠠ ᠢᠯᠡᠭᠦᠦ ᠣᠯᠵᠤ ᠪᠠᠶᠢᠨ᠎ᠠ᠃  ᠰᠢᠨ᠎ᠡ  ᠵᠢᠯ ᠤᠨ  ᠰᠢᠨ᠎ᠡ ᠶᠢᠨ  ᠨᠢᠭᠡᠨ ᠳᠤ ᠭᠠᠳᠠᠭᠰᠢ ᠭᠠᠷᠬᠤ ᠬᠠᠯᠠᠮᠰᠢᠯ ᠪᠦᠬᠦᠢ ᠲᠤᠶᠢᠯ ᠤᠨ ᠲᠤᠶᠠᠭ᠎ᠠ ᠭᠤᠤᠯ ᠰᠡᠳᠦᠪᠲᠦ ᠬᠡᠰᠡᠭ ᠦᠢᠯᠡᠳᠬᠦᠨ ᠢ ᠨᠢᠭᠡᠨᠲᠡ ᠬᠤᠳᠠᠯᠳᠤᠵᠤ ᠳᠠᠭᠤᠰᠪᠠ᠃      
ᠢᠷᠡᠯᠲᠡ᠄ ᠠᠷᠠᠳ ᠤᠨ ᠰᠦᠯᠵᠢᠶ᠎ᠡ