| ᠨᠢᠭᠡ᠂ ᠡᠭᠦᠯᠳᠡᠷ ᠤᠨ ᠨᠡᠷᠡᠶᠢᠳᠦᠯ᠄ ᠸᠠᠨ ᠪᠠᠢ ᠨᠦᠸᠧ 66 | ᠬᠤᠶᠠᠷ᠂ ᠡᠭᠦᠯᠳᠡᠷ ᠤᠨ ᠲᠥᠷᠥᠯ ᠵᠦᠢᠯ᠄ ᠳᠤᠮᠳᠠ ᠵᠡᠷᠭᠡ ᠶᠢᠨ ᠪᠣᠯᠪᠠᠰᠤᠷᠠᠭᠰᠠᠨ ᠡᠷᠯᠢᠰᠡᠵᠢᠭᠦᠯᠦᠭᠰᠡᠨ ᠰᠢᠯᠦᠬᠡᠢ ᠡᠷᠳᠡᠨᠢ ᠰᠢᠰᠢ | ᠭᠤᠷᠪᠠ᠂ ᠰᠣᠩᠭᠤᠨ ᠪᠤᠶᠢᠵᠢᠭᠤᠯᠤᠭᠰᠠᠨ ᠨᠢᠭᠡᠴᠢ᠄ ᠴᠦᠩᠴᠢᠩ ᠤᠨ ᠶᠢᠨ ᠰᠦᠢ ᠦᠷ᠎ᠡ ᠶᠢᠨ ᠦᠢᠯᠡᠰ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ᠂ | ᠴᠦᠩᠴᠢᠩ ᠤᠨ ᠭᠤᠷᠪᠠᠨ ᠬᠠᠪᠴᠢᠯ ᠤᠨ ᠲᠠᠷᠢᠶᠠᠯᠠᠩ ᠤᠨ ᠰᠢᠨᠵᠢᠯᠡᠬᠦ ᠤᠬᠠᠭᠠᠨ ᠤ ᠬᠦᠷᠢᠶᠡᠯᠡᠩ | ᠳᠥᠷᠪᠡ᠂ ᠬᠢᠨᠠᠨ ᠲᠣᠭᠲᠠᠭᠠᠯᠲᠠ ᠶᠢᠨ ᠳ᠋ᠤᠭᠠᠷᠯᠠᠯ᠄ ᠢᠦᠢ ᠱᠧᠨ ᠢᠦᠢ 20170019 | ᠲᠠᠪᠤ᠂ ᠳᠠᠷᠢᠬᠤ ᠳᠤ ᠲᠣᠬᠢᠷᠠᠮᠵᠢᠲᠠᠢ ᠣᠷᠣᠨ ᠪᠦᠰᠡ᠄ ᠴᠦᠩᠴᠢᠩ ᠬᠤᠲᠠ ᠶᠢᠨ ᠲᠡᠯᠡᠶ ᠶᠢᠨ ᠲᠦᠪᠰᠢᠨ ᠠᠴᠠ 800 ᠮᠧᠳ᠋ᠷ ᠠᠴᠠ ᠳᠣᠷᠣᠭᠰᠢ | ᠡᠷᠭᠦᠭᠳᠡᠭᠰᠡᠨ ᠭᠠᠵᠠᠷ ᠣᠷᠣᠨ ᠳᠤ ᠰᠢᠨ᠎ᠡ ᠰᠣᠷᠭᠤᠭ ᠢᠳᠡᠰᠢᠨ ᠰᠢᠯᠦᠬᠡᠢ ᠡᠷᠳᠡᠨᠢ ᠰᠢᠰᠢ ᠳᠠᠷᠢᠬᠤ ᠳᠤ ᠲᠣᠬᠢᠷᠠᠮᠵᠢᠲᠠᠢ | ᠵᠢᠷᠭᠤᠭ᠎ᠠ᠂ ᠡᠭᠦᠯᠳᠡᠷ ᠤᠨ ᠢᠷᠡᠯᠲᠡ᠄ N151 × N183 | ᠲᠤᠯᠤᠭ᠎ᠠ᠂ ᠮᠦ ᠪᠦᠷᠢ ᠶᠢᠨ ᠤᠨᠠᠯᠲᠠ᠄ ᠬᠤᠶᠠᠷ ᠵᠢᠯ ᠤᠨ ᠣᠷᠣᠨ ᠤ ᠲᠤᠷᠰᠢᠯᠲᠠ ᠶᠢᠨ ᠮᠦ ᠪᠦᠷᠢ ᠶᠢᠨ ᠤᠨᠠᠯᠲᠠ ᠨᠢ ᠳᠤᠮᠳᠠᠴᠢ ᠪᠠᠷ 880.5 | ᠺᠢᠯᠣᠭ᠍ᠷᠠᠮ ᠳᠤ ᠬᠦᠷᠴᠦ᠂ ᠢᠦᠢ ᠨᠦᠸᠧ 7 ᠳ᠋ᠤᠭᠠᠷ ᠨᠣᠮᠧᠷ ᠤᠨ ᠬᠢ ᠠᠴᠠ 9.9% ᠪᠠᠷ ᠨᠡᠮᠡᠭᠳᠡᠵᠦ᠂ ᠮᠦ ᠪᠦᠷᠢ ᠶᠢᠨ ᠤᠨᠠᠯᠲᠠ ᠶᠢᠨ ᠬᠤᠪᠢᠷᠠᠯᠲᠠ ᠶᠢᠨ | ᠬᠡᠮᠵᠢᠶ᠎ᠡ ᠨᠢ 743.7~1246.4 ᠺᠢᠯᠣᠭ᠍ᠷᠠᠮ ᠳᠤ ᠬᠦᠷᠪᠡ᠃ 12 ᠲᠤᠷᠰᠢᠯᠲᠠ ᠶᠢᠨ ᠴᠡᠭ ᠤᠨ ᠤᠨᠠᠯᠲᠠ ᠨᠢ ᠴᠥᠮ ᠨᠡᠮᠡᠭᠳᠡᠪᠡ᠃ | ᠨᠠᠢᠮᠠ᠂ ᠡᠭᠦᠯᠳᠡᠷ ᠤᠨ ᠣᠨᠴᠠᠯᠢᠭ | ᠸᠠᠨ ᠪᠠᠢ ᠨᠦᠸᠧ 66 ᠡᠷᠳᠡᠨᠢ ᠰᠢᠰᠢ ᠶᠢᠨ ᠡᠭᠦᠯᠳᠡᠷ ᠢ ᠣᠷᠣᠨ ᠤ ᠲᠤᠷᠰᠢᠯᠲᠠ ᠶᠢᠨ 3200 ᠰᠠᠭᠤᠷᠢ ᠮᠦ ᠪᠦᠷᠢ ᠶᠢᠨ ᠨᠢᠭᠲᠠᠴᠠ ᠶᠢᠨ ᠳᠣᠣᠷ᠎ᠠ᠂ | ᠴᠢᠬᠢ ᠠᠴᠠ ᠰᠣᠷᠭᠤᠭ ᠲᠦᠷᠦᠭᠦᠦ ᠬᠤᠷᠢᠶᠠᠨ ᠠᠪᠬᠤ ᠬᠦᠷᠲᠡᠯ᠎ᠡ 79 ~ 102 ᠡᠳᠦᠷ ᠬᠡᠷᠡᠭᠰᠡᠵᠦ᠂ ᠳᠤᠮᠳᠠᠴᠢ ᠪᠠᠷ 94 ᠡᠳᠦᠷ᠂ ᠢᠦᠢ ᠨᠦᠸᠧ 7 ᠳ᠋ᠤᠭᠠᠷ | ᠨᠣᠮᠧᠷ ᠠᠴᠠ 1 ᠡᠳᠦᠷ ᠡᠷᠲᠡ ᠪᠠᠶᠢᠳᠠᠭ︔ ᠨᠢᠭᠡᠳᠦᠭᠡᠷ ᠨᠠᠪᠴᠢᠨ ᠤ ᠳᠤᠭᠲᠤᠢ ᠨᠢ ᠪᠣᠷᠣ ᠦᠩᠭᠡᠲᠠᠢ᠂ ᠰᠠᠭᠤᠷᠢ ᠶᠢᠨ ᠬᠡᠯᠪᠡᠷᠢ ᠨᠢ ᠬᠠᠭᠠᠰ ᠨᠢᠭᠲᠠ᠂ ᠦᠨᠳᠦᠷ ᠨᠢ | 235 ᠰᠡᠨᠲ᠋ᠢᠮᠧᠲᠷ᠂ ᠲᠦᠷᠦᠭᠦᠦ ᠶᠢᠨ ᠪᠠᠶᠢᠷᠢ ᠶᠢᠨ ᠥᠨᠳᠥᠷ ᠨᠢ 88 ᠰᠡᠨᠲ᠋ᠢᠮᠧᠲᠷ᠂ ᠨᠠᠪᠴᠢᠨ ᠤ ᠥᠩᠭᠡ ᠨᠢ ᠨᠣᠭᠤᠭᠠᠨ ᠥᠩᠭᠡᠲᠡᠢ᠂ ᠰᠠᠭᠤᠷᠢᠯᠠᠭᠰᠠᠨ | ᠨᠠᠪᠴᠢᠨ ᠤ ᠢᠯᠲᠠᠰᠤ ᠨᠢ 19 ᠬᠠᠪᠲᠠᠭᠠᠢ᠂ ᠴᠡᠴᠡᠭ ᠨᠢ ᠰᠢᠷ᠎ᠠ ᠥᠩᠭᠡᠲᠡᠢ᠂ ᠬᠠᠯᠢᠰᠤ ᠨᠢ ᠨᠣᠭᠤᠭᠠᠨ ᠥᠩᠭᠡᠲᠡᠢ᠂ ᠴᠡᠴᠡᠭ ᠤᠨ ᠰᠢᠷᠬᠡᠭ ᠨᠢ ᠨᠣᠭᠤᠭᠠᠨ | ᠥᠩᠭᠡᠲᠡᠢ︔ ᠲᠦᠷᠦᠭᠦᠦ ᠶᠢᠨ ᠣᠷᠳᠣ ᠨᠢ 19.1 ᠰᠡᠨᠲ᠋ᠢᠮᠧᠲᠷ᠂ ᠲᠦᠷᠦᠭᠦᠦ ᠶᠢᠨ ᠮᠥᠷ ᠤᠨ ᠲᠤᠭ᠎ᠠ ᠨᠢ 16 ~ 18 ᠮᠥᠷ᠂ ᠮᠥᠷ ᠮᠥᠬᠦᠯᠢᠭ ᠤᠨ | ᠲᠤᠭ᠎ᠠ ᠨᠢ 35.3 ᠮᠥᠬᠦᠯᠢᠭ︔ ᠵᠢᠮᠢᠰ ᠤᠨ ᠲᠦᠷᠦᠭᠦᠦ ᠨᠢ ᠱᠣᠷᠣᠯᠵᠢᠨ ᠬᠡᠯᠪᠡᠷᠢ ᠲᠠᠢ᠂ ᠲᠦᠷᠦᠭᠦᠦ ᠶᠢᠨ ᠲᠡᠩᠭᠡᠯᠢᠭ ᠨᠢ ᠴᠠᠭᠠᠨ ᠥᠩᠭᠡᠲᠡᠢ᠂ ᠮᠥᠬᠦᠯᠢᠭ ᠨᠢ | ᠴᠠᠭᠠᠨ ᠥᠩᠭᠡᠲᠡᠢ᠂ ᠰᠢᠯᠦᠬᠡᠢ ᠴᠢᠨᠠᠷᠲᠦ ᠬᠠᠲᠠᠭᠤ ᠮᠥᠬᠦᠯᠢᠭ ᠬᠡᠯᠪᠡᠷᠢ ᠲᠠᠢ᠂ ᠰᠢᠨ᠎ᠡ ᠮᠥᠬᠦᠯᠢᠭ ᠤᠨ ᠵᠠᠭᠤᠨ ᠮᠥᠬᠦᠯᠢᠭ ᠪᠦᠷᠢ ᠶᠢᠨ ᠬᠦᠨᠳᠦ ᠨᠢ 36.5 ᠭᠷᠡᠮ | ᠪᠠᠶᠢᠳᠠᠭ᠃ ᠮᠥᠬᠦᠯᠢᠭ ᠲᠠᠬᠢ ᠪᠦᠳᠦᠭᠦᠯᠢᠭ ᠤᠭᠤᠷᠠᠭ ᠤᠨ ᠠᠭᠤᠯᠤᠭᠳᠠᠴᠠ ᠨᠢ 11.30%᠂ ᠪᠦᠳᠦᠭᠦᠯᠢᠭ ᠥᠭᠡᠬᠦ ᠶᠢᠨ ᠠᠭᠤᠯᠤᠭᠳᠠᠴᠠ ᠨᠢ 5.28%᠂ | ᠪᠦᠳᠦᠭᠦᠯᠢᠭ ᠴᠠᠷᠳᠠᠭᠤᠯ ᠤᠨ ᠠᠭᠤᠯᠤᠭᠳᠠᠴᠠ ᠨᠢ 68.19%᠂ ᠰᠠᠯᠠᠭ᠎ᠠ ᠬᠡᠯᠬᠢᠶᠡᠲᠦ ᠴᠠᠷᠳᠠᠭᠤᠯ ᠨᠢ ᠪᠦᠳᠦᠭᠦᠯᠢᠭ ᠴᠠᠷᠳᠠᠭᠤᠯ ᠤᠨ ᠠᠭᠤᠯᠤᠭᠳᠠᠴᠠ ᠶᠢᠨ 99. | 15% ᠶᠢ ᠡᠵᠡᠯᠡᠵᠦ᠂ ᠶᠠᠮᠤᠨ ᠠᠴᠠ ᠨᠡᠶᠢᠳᠡᠯᠡᠭᠰᠡᠨ ᠰᠢᠯᠦᠬᠡᠢ ᠡᠷᠳᠡᠨᠢ ᠰᠢᠰᠢ ︵NY/T524-2002︶ ᠶᠢᠨ ᠪᠠᠷᠢᠮᠵᠢᠶ᠎ᠠ ᠳᠤ ᠭᠦᠷᠦᠭᠰᠡᠨ ᠪᠠᠶᠢᠨ᠎ᠠ᠃ | ᠠᠮᠳᠠᠯᠠᠭᠰᠠᠨ ᠬᠢᠨᠠᠨ ᠲᠣᠭᠲᠠᠭᠠᠯᠲᠠ ᠳᠤ 87.0 ᠬᠤᠪᠢ ᠣᠯᠵᠤ᠂ ᠶᠠᠮᠤᠨ ᠠᠴᠠ ᠨᠡᠶᠢᠳᠡᠯᠡᠭᠰᠡᠨ ᠰᠢᠨ᠎ᠡ ᠰᠤᠷᠭᠤᠭ ᠰᠢᠯᠦᠬᠡᠢ ᠡᠷᠳᠡᠨᠢ ᠰᠢᠰᠢ ᠶᠢᠨ ᠬᠤᠶᠠᠳᠤᠭᠠᠷ | ᠳᠡᠰ ᠤᠨ ᠪᠠᠷᠢᠮᠵᠢᠶ᠎ᠠ ᠳᠤ ᠬᠥᠷᠪᠡ᠃ ᠬᠤᠶᠠᠷ ᠵᠢᠯ ᠬᠥᠮᠥᠨ ᠤ ᠬᠦᠴᠦᠨ ᠢᠶᠠᠷ ᠲᠠᠷᠢᠵᠦ ᠬᠢᠨᠠᠨ ᠲᠣᠭᠲᠠᠭᠠᠨ᠂ ᠳᠤᠮᠳᠠ ᠳᠠᠭᠠᠭᠠᠴᠠᠲᠠᠢ ᠵᠢᠵᠢᠭ ᠲᠣᠯᠪᠣᠲᠤ ᠡᠪᠡᠳᠴᠢᠨ | ᠂ ᠰᠡᠷᠡᠭᠦᠢ ᠬᠡ ᠬᠤᠪᠠᠭ᠋ᠠᠶᠢᠷᠠᠬᠤ ᠡᠪᠡᠳᠴᠢᠨ ᠢ ᠡᠰᠡᠷᠭᠦᠴᠡᠬᠦ ᠴᠢᠳᠠᠯ ᠲᠠᠢ᠃ | ᠶᠢᠰᠦ᠂ ᠲᠠᠷᠢᠮᠠᠯ ᠤᠨ ᠭᠤᠣᠯᠳᠠᠯᠭ᠎ᠠ | ᠸᠠᠨ ᠪᠠᠢ ᠨᠦᠸᠧ 66 ᠡᠷᠳᠡᠨᠢ ᠰᠢᠰᠢ ᠶᠢᠨ ᠡᠭᠦᠯᠳᠡᠷ ᠢ ᠬᠠᠪᠤᠷ ᠤᠨ ᠲᠠᠷᠢᠶᠠᠯᠠᠭ᠎ᠠ ᠳᠤ 3 ᠰᠠᠷ᠎ᠠ ᠶᠢᠨ ᠳᠤᠮᠳᠠᠴᠢ ᠪᠠᠷ ᠳᠠᠷᠢᠵᠤ ᠴᠢᠬᠢ ᠪᠤᠶᠢᠵᠢᠭᠤᠯᠪᠠᠯ | ᠲᠣᠬᠢᠷᠠᠮᠵᠢᠲᠠᠢ᠂ ᠴᠢᠬᠢ ᠳᠠᠷᠢᠬᠤ ᠨᠢᠭᠲᠠᠴᠠ ᠨᠢ 3200 ᠰᠠᠭᠤᠷᠢ ᠣᠷᠴᠢᠮ ᠪᠠᠶᠢᠳᠠᠭ᠃ | | |