ᠡᠪᠦᠯ ᠤᠨ ᠤᠯᠠᠷᠢᠯ ᠤᠨ ᠬᠦᠯᠡᠮᠵᠢ ᠶᠢᠨ ᠭᠡᠷᠡᠯ ᠲᠤᠰᠤᠯᠲᠠ ᠶᠢᠨ ᠲᠣᠬᠢᠷᠠᠭᠤᠯᠭ᠎ᠠ
ᠨᠡᠶᠢᠲᠡᠯᠡᠭᠰᠡᠨ ᠴᠠᠭ᠄
2024/1/8
     1. ᠰᠢᠨ᠎ᠡ ᠬᠡᠯᠪᠡᠷᠢ ᠶᠢᠨ ᠰᠠᠷᠠᠪᠴᠢ ᠶᠢᠨ ᠪᠦᠷᠬᠦᠪᠴᠢ ᠶᠢ ᠰᠣᠩᠭᠤᠨ ᠬᠡᠷᠡᠭᠯᠡᠨ᠎ᠡ᠂ ᠵᠢᠱᠢᠶᠡᠯᠡᠪᠡᠯ ᠡᠪᠦᠯ ᠤᠨ ᠤᠯᠠᠷᠢᠯ ᠳᠤ ᠬᠡᠷᠡᠯ ᠨᠡᠪᠲᠡᠷᠡᠬᠦ ᠴᠢᠨᠠᠷ ᠢᠶᠠᠷ ᠰᠠᠶᠢᠨ PO ᠪᠦᠷᠬᠦᠭᠦᠯ ᠢ ᠰᠤᠩᠭᠤᠬᠤ ᠬᠡᠷᠡᠭᠲᠡᠢ᠃       2. ᠳᠤᠯᠠᠭᠠᠨ ᠢ ᠬᠠᠳᠠᠭᠠᠯᠠᠬᠤ ᠪᠦᠷᠬᠦᠭᠦᠯ ᠤᠨ ᠬᠠᠮᠢᠶᠠᠷᠤᠯᠲᠠ᠂ ᠳᠤᠯᠠᠭᠠᠨ ᠤ ᠬᠡᠮᠵᠢᠶ᠎ᠡ ᠶᠢ ᠪᠠᠲᠤᠯᠠᠭᠰᠠᠨ ᠤᠷᠢᠲᠠᠯ ᠳᠣᠣᠷ᠎ᠠ ᠡᠷᠲᠡ ᠣᠷᠣᠢ ᠳᠠᠭᠠᠨ ᠪᠦᠷᠬᠦᠭᠦᠯ ᠢ ᠰᠡᠬᠦᠵᠦ᠂ ᠲᠤᠩᠭᠠᠯᠠᠭ ᠡᠳᠦᠷ ᠤᠨ ᠥᠷᠯᠥᠭᠡ ᠶᠢᠨ 8 ᠴᠠᠭ ᠤᠨ ᠦᠶ᠎ᠡ ᠪᠠᠷ ᠳᠤᠯᠠᠭᠠᠨ ᠢ ᠬᠠᠳᠠᠭᠠᠯᠠᠬᠤ ᠬᠥᠨᠵᠢᠯᠡ ᠶᠢ ᠰᠡᠬᠦᠵᠦ᠂ ᠦᠳᠡ ᠶᠢᠨ ᠬᠤᠶᠢᠨ᠎ᠠ ᠥᠷᠥᠭᠡᠨ ᠤ ᠳᠤᠯᠠᠭᠠᠨ 20℃ ᠣᠷᠴᠢᠮ ᠪᠣᠯᠲᠠᠯ᠎ᠠ ᠳᠣᠷᠤᠭᠰᠢᠯᠠᠪᠠᠯ ᠳᠤᠯᠠᠭᠠᠨ ᠢ ᠬᠠᠳᠠᠭᠠᠯᠠᠬᠤ ᠬᠥᠨᠵᠢᠯᠡ ᠶᠢ ᠪᠦᠲᠡᠭᠡᠨ᠎ᠡ᠃ ᠪᠦᠷᠬᠦᠭ ᠴᠠᠰᠤ ᠲᠠᠢ ᠡᠳᠦᠷ ᠴᠦ ᠳᠤᠯᠠᠭᠠᠨ ᠬᠥᠨᠵᠢᠯᠡ ᠶᠢ ᠨᠢ ᠨᠡᠭᠡᠭᠡᠵᠦ᠂ ᠭᠡᠨᠡᠳᠲᠡ ᠪᠦᠷᠬᠦᠭᠰᠢᠬᠦ ᠭᠡᠨᠡᠳᠲᠡ ᠴᠡᠯᠮᠡᠭᠰᠢᠬᠦ ᠳᠤ ᠳᠤᠯᠠᠭᠠᠨ ᠬᠥᠨᠵᠢᠯᠡ ᠶᠢ ᠪᠦᠷᠬᠦᠬᠦ ᠶᠢ ᠠᠩᠬᠠᠷᠬᠤ ᠬᠡᠷᠡᠭᠲᠡᠢ       3. ᠬᠡᠷᠡᠯ ᠣᠶᠢᠯᠭᠠᠭᠴᠢ ᠬᠥᠰᠢᠭᠡ ᠶᠢ ᠵᠣᠬᠢᠰᠲᠠᠢ ᠬᠡᠷᠡᠭᠯᠡᠨ᠎ᠡ᠂ ᠬᠡᠷᠡᠯ ᠣᠶᠢᠯᠭᠠᠭᠴᠢ ᠬᠥᠰᠢᠭᠡ ᠶᠢ ᠬᠦᠯᠡᠮᠵᠢ ᠶᠢᠨ ᠠᠷᠤ ᠶᠢᠨ ᠭᠡᠷ ᠤᠨ ᠨᠢᠭᠤᠷ ᠲᠤ ᠡᠯᠭᠦᠭᠡᠳ᠂ ᠠᠷᠤ ᠬᠡᠷᠡᠮ ᠳᠡᠭᠡᠷ᠎ᠡ ᠡᠯᠭᠦᠵᠦ ᠪᠣᠯᠬᠤ ᠦᠭᠡᠢ᠃       4. ᠬᠦᠯᠡᠮᠵᠢ ᠶᠢᠨ ᠪᠦᠷᠬᠦᠪᠴᠢ ᠳᠡᠭᠡᠷᠡᠬᠢ ᠮᠡᠨᠡᠠ ᠲᠤᠰᠦᠯ᠂ ᠬᠤᠭ ᠲᠣᠭᠤᠰᠣ ᠶᠢ ᠴᠠᠭ ᠲᠤᠬᠠᠢ ᠳᠤᠨᠢ ᠴᠡᠪᠡᠷᠯᠡᠵᠦ᠂ ᠬᠦᠯᠡᠮᠵᠢ ᠶᠢᠨ ᠪᠦᠷᠬᠦᠪᠴᠢ ᠶᠢᠨ ᠭᠡᠷᠡᠯ ᠨᠡᠪᠲᠡᠷᠡᠬᠦ ᠴᠢᠨᠠᠷ ᠢ ᠪᠠᠲᠤᠯᠠᠬᠤ ᠬᠡᠷᠡᠭᠲᠡᠢ᠃       5. ᠬᠥᠭᠰᠢᠨ ᠨᠠᠪᠴᠢ᠂ ᠡᠪᠡᠳᠴᠢᠯᠡᠭᠰᠡᠨ ᠨᠠᠪᠴᠢ ᠶᠢ ᠴᠠᠭ ᠲᠤᠬᠠᠢ ᠳᠤᠨᠢ ᠴᠡᠪᠡᠷᠯᠡᠵᠦ᠂ ᠤᠷᠭᠤᠮᠠᠯ ᠤᠨ ᠰᠠᠭᠤᠷᠢ ᠶᠢᠨ ᠬᠤᠭᠤᠷᠣᠨᠳᠣᠬᠢ ᠰᠠᠳᠠᠷᠠᠯ ᠤᠨ ᠭᠡᠷᠡᠯ ᠢ ᠨᠡᠮᠡᠭᠳᠡᠭᠦᠯᠬᠦ ᠬᠡᠷᠡᠭᠲᠡᠢ᠃ 6. ᠴᠢᠬᠤᠯᠠ ᠲᠠᠢ ᠦᠶ᠎ᠡ ᠳᠤ ᠤᠷᠭᠤᠮᠠᠯ ᠤᠨ ᠥᠰᠦᠯᠲᠡ ᠶᠢᠨ ᠳ᠋ᠧᠩ᠂ LED ᠳ᠋ᠧᠩ᠂ ᠢᠣᠳ᠋ᠲᠤ ᠸᠣᠯᠹᠷᠠᠮ ᠤᠨ ᠳ᠋ᠧᠩ᠂ ᠨᠠᠳ᠋ᠷᠢ ᠶᠢᠨ ᠳ᠋ᠧᠩ ᠵᠡᠷᠭᠡ ᠪᠠᠷ ᠭᠡᠷᠡᠯ ᠨᠦᠬᠦᠪᠦᠷᠢᠯᠡᠵᠦ ᠪᠣᠯᠤᠨ᠎ᠠ᠃

1.8 应用技术 图.png

 

ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ