ᠤᠰᠤᠨ ᠤ ᠴᠢᠬᠤᠯᠠ ᠴᠢᠨᠠᠷ ᠢ ᠲᠠ ᠮᠡᠳᠡᠨ᠎ᠡ ᠤᠤ︖
ᠨᠡᠶᠢᠲᠡᠯᠡᠭᠰᠡᠨ ᠴᠠᠭ᠄
2024/11/15
        ᠪᠦᠭᠦ᠋ᠢᠯᠡ ᠲᠡᠯᠡᠭᠡᠢ ᠶᠢᠨ ᠪᠦᠮᠪᠦᠷᠴᠡᠭ ᠤᠰᠤᠨ ᠪᠦᠷᠭᠦᠭᠦᠯ ᠳᠤ ᠬᠦᠷᠢᠶᠡᠯᠡᠭᠳᠡᠵᠦ᠂ ᠠᠯᠢᠪᠠ ᠪᠤᠳᠠᠰ ᠤᠰᠤᠨ ᠠᠴᠠ ᠰᠠᠯᠵᠤ ᠪᠤᠯᠤᠰᠢ ᠦᠭᠡᠢ ᠶᠤᠮ᠃ ᠤᠰᠤ ᠪᠤᠯ ᠠᠮᠢ ᠨᠠᠰᠤ ᠮᠦᠨ᠂ ᠤᠰᠤ ᠦᠭᠡᠢ ᠶᠢᠷᠳᠢᠨᠴᠦ ᠪᠤᠯ ᠠᠮᠢ ᠨᠠᠰᠤ ᠦᠭᠡᠢ ᠶᠢᠷᠳᠢᠨᠴᠦ᠃ ᠨᠠᠰᠤ ᠬᠦᠢᠴᠡᠭᠰᠡᠨ ᠡᠷᠡᠭᠦᠯ ᠬᠦᠮᠦᠨ ᠡᠳᠦᠷ ᠪᠦᠷᠢ 4 — 5 ᠵᠢᠩ ᠴᠡᠩᠭᠡᠭ ᠤᠰᠤ ᠭᠡᠷᠡᠭᠰᠡᠨ᠎ᠡ᠃ ᠤᠷᠭᠤᠯᠳᠠ ᠶᠢᠨ ᠬᠤᠭᠤᠴᠠᠭᠠᠨ ᠳᠠᠬᠢ ᠠᠯᠢᠪᠠ ᠤᠷᠭᠤᠮᠠᠯ ᠤᠨ ᠪᠡᠶ᠎ᠡ ᠶᠢᠨ ᠬᠦᠨᠳᠦ ᠶᠢᠨ 50 — 80% ᠢ ᠪᠠᠷᠤᠬ ᠤᠰᠤ ᠡᠵᠡᠯᠡᠳᠡᠭ᠃ ᠡᠩ ᠤᠨ ᠠᠮᠤ ᠪᠤᠳᠠᠭ᠎ᠠ 50 — 60% ᠤᠨ ᠤᠰᠤ ᠠᠭᠤᠯᠵᠤ᠂ ᠨᠤᠭᠤᠭ᠎ᠠ ᠴᠠᠭ᠎ᠠ 80 — 90% ᠤᠨ ᠤᠰᠤ ᠠᠭᠤᠯᠵᠤ ᠪᠠᠶᠢᠳᠠᠬ᠃ ᠨᠢᠭᠡ ᠰᠠᠭᠤᠷᠢ ᠡᠷᠳᠡᠨᠢ ᠰᠢᠰᠢ ᠪᠤᠯᠪᠠᠰᠤᠷᠠᠳᠠᠯ᠎ᠠ ᠪᠠᠨ 400 — 600 ᠵᠢᠩ ᠤᠰᠤ ᠭᠡᠷᠡᠭᠰᠡᠵᠦ᠂ ᠨᠢᠭᠡ ᠵᠢᠩ ᠪᠤᠭᠤᠳᠠᠢ ᠪᠤᠯᠪᠠᠰᠤᠷᠠᠳᠠᠯ᠎ᠠ ᠪᠠᠨ 1000 — 1500 ᠵᠢᠩ ᠤᠰᠤ ᠭᠡᠷᠡᠭᠰᠡᠵᠦ᠂ ᠨᠢᠭᠡ ᠵᠢᠩ ᠲᠤᠳᠤᠷᠭ᠎ᠠ 1500 — 2000 ᠵᠢᠩ ᠤᠰᠤ ᠭᠡᠷᠡᠭᠰᠡᠳᠡᠭ᠃ ᠨᠢᠭᠡ ᠲᠤᠨ ᠠᠮᠤ ᠪᠤᠳᠠᠭ᠎ᠠ ᠠᠪᠬᠤ ᠳᠤ 100 ᠲᠤᠨ ᠤᠰᠤ ᠭᠡᠷᠡᠭᠰᠡᠨ᠎ᠡ᠃      ᠡᠨᠧᠷᠬᠢ ᠶᠢᠨ ᠦᠢᠯᠡᠳᠪᠦᠷᠢᠯᠡᠯ ᠤᠨ ᠰᠠᠯᠠᠭ᠎ᠠ ᠮᠦᠴᠢᠷ ᠨᠢ ᠬᠦᠷᠦᠭᠡᠯᠳᠡ ᠶᠢᠨ ᠤᠰᠤ ᠶᠢ ᠬᠠᠮᠤᠬ ᠠᠴᠠ ᠢᠯᠡᠭᠦᠦ ᠵᠠᠷᠤᠴᠠᠭᠤᠯᠳᠠᠬ᠃ ᠢᠯᠴᠢ ᠴᠠᠬᠢᠯᠭᠠᠨ ᠤ ᠦᠢᠯᠡᠳᠪᠦᠷᠢ ᠨᠢ ᠨᠢᠭᠡ ᠭᠷᠠᠳᠦ᠋ᠰ ᠴᠠᠬᠢᠯᠭᠠᠨ ᠦᠢᠯᠡᠳᠪᠦᠷᠢᠯᠡᠭᠦ ᠳᠤ 3 ᠱᠧᠩ ᠬᠢᠷᠢᠳᠡᠢ ᠤᠰᠤ ᠵᠠᠷᠤᠴᠠᠭᠤᠯᠵᠤ᠂ ᠠᠲ᠋ᠤᠮ ᠤᠨ ᠡᠨᠧᠷᠬᠢ ᠶᠢᠨ ᠴᠠᠬᠢᠯᠭᠠᠨ ᠦᠷᠳᠡᠭᠡ  ᠨᠢ ᠡᠭᠦᠨ ᠠᠴᠠ ᠨᠢᠭᠡ ᠲᠠᠬᠢᠨ ᠢᠯᠡᠭᠦᠦ ᠵᠠᠷᠤᠴᠠᠭᠤᠯᠳᠠᠬ᠃ ᠤᠳᠤᠬᠠᠨ ᠳᠤ ᠲᠠᠯᠡᠭᠡᠢ ᠶᠢᠨ ᠴᠠᠬᠢᠯᠭᠠᠨ ᠡᠨᠧᠷᠬᠢ ᠶᠢᠨ ᠦᠢᠯᠡᠳᠪᠦᠷᠢᠯᠡᠯ ᠳᠤ ᠵᠢᠯ ᠪᠦᠷᠢ 120 ᠳ᠋ᠦᠡᠭᠰᠢᠭᠤᠷ ᠪᠤᠰᠤᠭ᠎ᠠ ᠲᠦᠷᠪᠡᠯᠵᠢᠨ ᠮᠧᠲᠷ ᠤᠰᠤ ᠵᠠᠷᠤᠴᠠᠭᠤᠯᠵᠤ ᠪᠤᠢ᠃ ᠴᠠᠬᠢᠯᠭᠠᠨ ᠬᠦᠴᠦᠨ ᠤ ᠠᠵᠤ ᠦᠢᠯᠡᠳᠪᠦᠷᠢ ᠮᠠᠰᠢ ᠲᠦᠷᠭᠡᠨ ᠭᠦᠭᠵᠢᠵᠦ ᠪᠠᠶᠢᠭ᠎ᠠ ᠲᠤᠯᠠ ᠤᠰᠤ ᠭᠡᠷᠡᠭᠰᠡᠭᠦ ᠭᠡᠮᠵᠢᠶ᠎ᠡ ᠨᠢ ᠴᠤ ᠲᠠᠰᠤᠷᠠᠯᠳᠠ ᠦᠭᠡᠢ ᠨᠡᠮᠡᠭᠳᠡᠵᠦ ᠪᠠᠶᠢᠨ᠎ᠠ᠃  ᠠᠭᠤᠷᠬᠠᠢ ᠮᠠᠯᠳᠠᠬᠤ ᠵᠢᠴᠢ ᠡᠳ᠋ᠰᠢᠭᠦᠯᠭᠦ ᠠᠵᠤ ᠦᠢᠯᠡᠳᠪᠦᠷᠢ ᠴᠤ ᠨᠡᠯᠢᠶᠡᠳ ᠠᠷᠪᠢᠨ ᠤᠰᠤ ᠵᠠᠷᠤᠴᠠᠭᠤᠯᠤᠨ᠎ᠠ᠃ ᠨᠢᠭᠡ ᠲᠤᠨ ᠲᠡᠮᠦᠷ ᠢ ᠲᠠᠪᠳᠠᠵᠤ ᠪᠤᠯᠪᠠᠰᠤᠷᠠᠭᠤᠯᠤᠭᠠᠳ ᠪᠤᠯᠤᠳ ᠮᠠᠲ᠋ᠧᠷᠢᠶᠠᠯ ᠪᠤᠯᠭᠠᠳᠠᠯ᠎ᠠ 20 — 40 ᠲᠤᠨ ᠤᠰᠤ ᠭᠡᠷᠡᠭᠰᠡᠵᠦ᠂ ᠨᠢᠭᠡ ᠲᠤᠨ ᠴᠠᠭᠠᠰᠤ ᠬᠢᠭᠦ ᠳᠤ 200 — 500 ᠲᠤᠨ ᠤᠰᠤ ᠭᠡᠷᠡᠭᠰᠡᠵᠦ᠂ ᠨᠢᠭᠡ ᠲᠤᠨ ᠬᠢᠮᠡᠯ ᠰᠢᠷᠭᠡᠭ ᠦᠢᠯᠡᠳᠪᠦᠷᠢᠯᠡᠭᠦ ᠳᠤ 1200 — 1700 ᠲᠤᠨ ᠤᠰᠤ ᠭᠡᠷᠡᠭᠰᠡᠵᠦ ᠂  ᠨᠢᠭᠡ ᠲᠤᠨ ᠬᠢᠮᠢ ᠶᠢᠨ ᠪᠤᠷᠳᠤᠭᠤᠷ ᠦᠢᠯᠡᠳᠪᠦᠷᠢᠯᠡᠭᠦ ᠳᠤ 500 — 600 ᠲᠤᠨ ᠤᠰᠤ ᠭᠡᠷᠡᠭᠰᠡᠨ᠎ᠡ᠃ ᠢᠳᠡᠭᠡᠨ ᠪᠠ ᠡᠳᠦᠷ ᠲᠤᠳᠤᠮ ᠤᠨ ᠭᠡᠷᠡᠭᠯᠡᠭᠡᠨ ᠤ ᠠᠵᠤ ᠦᠢᠯᠡᠳᠪᠦᠷᠢ ᠨᠢ ᠨᠡᠩ ᠶᠡᠭᠡ ᠤᠰᠤ ᠵᠠᠷᠤᠴᠠᠭᠤᠯᠳᠠᠬ᠃ ᠨᠢᠭᠡ ᠲᠤᠨ ᠫᠢᠵᠢᠤ ᠨᠡᠷᠡᠭᠦ ᠳᠤ 10 ᠪᠤᠰᠤᠭ᠎ᠠ ᠲᠦᠷᠪᠡᠯᠵᠢᠨ ᠮᠧᠲᠷ ᠤᠰᠤ᠂ ᠨᠢᠭᠡ ᠲᠤᠨ ᠬᠠᠷ᠎ᠠ ᠠᠷᠢᠬᠢ ᠨᠡᠷᠡᠭᠦ ᠳᠤ 105 ᠪᠤᠰᠤᠭ᠎ᠠ ᠲᠦᠷᠪᠡᠯᠵᠢᠨ ᠮᠧᠲᠷ ᠤᠰᠤ᠂ ᠨᠢᠭᠡ ᠲᠤᠨ ᠪᠤᠳᠤᠬ ᠦᠢᠯᠡᠳᠪᠦᠷᠢᠯᠡᠭᠦ ᠳᠤ 135 ᠪᠤᠰᠤᠭ᠎ᠠ ᠲᠦᠷᠪᠡᠯᠵᠢᠨ ᠮᠧᠲᠷ ᠤᠰᠤ᠂ ᠨᠢᠭᠡ ᠲᠤᠨ ᠬᠤᠩ ᠮᠸᠢ ᠰᠦ᠋ ᠦᠢᠯᠡᠳᠪᠦᠷᠢᠯᠡᠭᠦ ᠳᠤ 30000 ᠪᠤᠰᠤᠭ᠎ᠠ ᠲᠦᠷᠪᠡᠯᠵᠢᠨ ᠮᠧᠲᠷ ᠤᠰᠤ ᠭᠡᠷᠡᠭᠰᠡᠨ᠎ᠡ       ᠲᠠᠷᠢᠶᠠᠯᠠᠩ ᠤᠨ ᠤᠰᠤᠯᠠᠯᠳᠠ ᠳᠤ ᠤᠰᠤ ᠶᠢ ᠨᠡᠩ ᠢᠯᠡᠭᠦᠦ ᠱᠠᠭᠠᠷᠳᠠᠳᠠᠬ᠃ ᠨᠦᠭᠡ ᠮᠦ ᠲᠤᠳᠤᠷᠭ᠎ᠠ ᠳᠤ 600 — 1500 ᠪᠤᠰᠤᠭ᠎ᠠ ᠲᠦᠷᠪᠡᠯᠵᠢᠨ ᠮᠧᠲᠷ ᠤᠰᠤ᠂ ᠨᠢᠭᠡ ᠮᠦ ᠨᠤᠭᠤᠭᠠᠨ ᠳᠤ 500 — 1000 ᠪᠤᠰᠤᠭ᠎ᠠ ᠲᠦᠷᠪᠡᠯᠵᠢᠨ ᠮᠧᠲᠷ ᠤᠰᠤ ᠭᠡᠷᠡᠭᠰᠡᠳᠡᠭ᠃      ᠬᠦᠮᠦᠨ ᠲᠦᠷᠦᠯᠬᠢᠳᠡᠨ᠂ ᠨᠡᠶᠢᠭᠡᠮ ᠤᠨ ᠠᠮᠢᠳᠤᠷᠠᠯ ᠪᠠ ᠦᠢᠯᠡᠳᠪᠦᠷᠢᠯᠡᠯ ᠤᠨ ᠪᠦᠳᠦᠭᠡᠨ ᠪᠠᠶᠢᠭᠤᠯᠤᠯᠳᠠ ᠤᠷᠤᠰᠢᠵᠤ ᠯᠡ ᠪᠠᠶᠢᠪᠠᠯ ᠤᠰᠤ ᠪᠤᠯ ᠲᠤᠳᠠᠬᠳᠠᠵᠤ ᠪᠤᠯᠤᠰᠢ ᠦᠭᠡᠢ ᠪᠤᠳᠠᠰ ᠤᠨ ᠦᠨᠳᠦᠰᠦᠨ ᠡᠯᠧᠮᠧᠨ᠋ᠲ ᠮᠦᠨ᠃ ᠤᠰᠤᠨ ᠤ ᠬᠠᠨᠭ᠍ᠭᠠᠯᠳᠠ ᠬᠦᠢᠴᠡᠳ ᠦᠭᠡᠢ ᠪᠤᠯ ᠬᠦᠮᠦᠨ ᠲᠦᠷᠦᠯᠬᠢᠳᠡᠨ ᠤ ᠠᠮᠢᠳᠤᠷᠠᠯ᠂ ᠦᠢᠯᠡᠳᠪᠦᠷᠢᠯᠡᠯ ᠪᠦᠳᠦᠰᠢ ᠦᠭᠡᠢ ᠪᠤᠯᠤᠨ᠎ᠠ᠃
ᠢᠷᠡᠯᠲᠡ᠄ ᠳᠠᠯᠠᠳ ᠬᠤᠰᠢᠭᠤᠨ ᠤ ᠠᠷᠠᠳ ᠤᠨ ᠵᠠᠰᠠᠭ ᠤᠨ ᠣᠷᠳᠤᠨ