ᠬᠦᠮᠦᠨ ᠤ ᠪᠡᠶ᠎ᠡ ᠳᠠᠬᠢ ᠤᠰᠤ ᠶᠠᠮᠠᠷ ᠭᠡᠷᠡᠭᠴᠡᠭᠡ ᠲᠠᠢ ᠪᠤᠢ︖
ᠨᠡᠶᠢᠲᠡᠯᠡᠭᠰᠡᠨ ᠴᠠᠭ᠄
2024/11/15
       ︽ᠤᠰᠤ ᠪᠤᠯ ᠠᠮᠢ ᠨᠠᠰᠤ ᠮᠦᠨ︾ ᠭᠡᠳᠡᠭ ᠪᠤᠯ ᠲᠦᠮᠡᠨ ᠵᠦᠪ᠂ ᠤᠰᠤ ᠦᠭᠡᠢ ᠪᠤᠯ ᠠᠮᠢ ᠨᠠᠰᠤ ᠪᠠᠶᠢᠵᠤ ᠴᠢᠳᠠᠬᠤ ᠦᠭᠡᠢ᠃ ᠨᠠᠰᠤᠨ ᠳᠤ ᠬᠦᠷᠦᠭᠰᠡᠳ ᠭᠡᠷᠪᠡ 1.0 — 1.5 ᠺᠢᠯᠦᠭᠷᠡᠮ ᠤᠰᠤ ᠲᠤᠳᠠᠭᠳᠠᠪᠠᠯ ᠠᠩᠭᠠᠨ᠎ᠠ᠂ ᠤᠰᠤ ᠲᠤᠳᠠᠬᠳᠠᠬᠤ ᠭᠡᠮᠵᠢᠶ᠎ᠡ ᠨᠢ ᠭᠡᠷᠪᠡ ᠪᠦᠭᠦ ᠪᠡᠶ᠎ᠡ ᠶᠢᠨ ᠬᠦᠨᠳᠦ ᠶᠢᠨ 20% ᠢ ᠡᠵᠡᠯᠡᠪᠡᠯ ᠬᠦᠮᠦᠨ ᠤ ᠮᠡᠳᠡᠷᠡᠯ ᠰᠠᠮᠠᠭᠤᠷᠠᠵᠤ᠂ 25% ᠢ ᠡᠵᠡᠯᠡᠭᠦ ᠳᠤ ᠬᠦᠷᠪᠡᠯ ᠲᠠᠷᠤᠢ ᠠᠮᠢ ᠦᠭᠡᠢ ᠪᠤᠯᠳᠠᠬ᠃ ᠬᠦᠮᠦᠨ ᠤ ᠪᠡᠶ᠎ᠡ ᠶᠢᠨ ᠹᠢᠽᠢᠤᠯᠤᠬᠢ ᠶᠢᠨ ᠠᠵᠢᠯᠯᠠᠭ᠎ᠠ ᠪᠦᠭᠦᠨ ᠨᠢ᠂ ᠵᠢᠱᠢᠶᠡᠯᠡᠪᠡᠯ ᠪᠡᠶ᠎ᠡ ᠶᠢᠨ ᠬᠠᠯᠠᠭᠤᠨ ᠢ ᠵᠤᠬᠢᠴᠠᠭᠤᠯᠬᠤ᠂ ᠴᠢᠰᠤ ᠨᠡᠪᠳᠡᠷᠡᠭᠦᠯᠭᠦ᠂ ᠰᠢᠮ᠎ᠡ ᠲᠡᠵᠢᠭᠡᠯ ᠲᠠᠮᠵᠢᠭᠤᠯᠬᠤ᠂ ᠰᠢᠩᠭᠡᠭᠡᠯᠳᠡ ᠶᠢ ᠲᠦᠷᠭᠡᠳᠭᠡᠭᠦ᠂ ᠭᠡᠷᠡᠭ ᠦᠭᠡᠢ ᠪᠤᠳᠠᠰ ᠢ ᠴᠡᠪᠡᠷᠯᠡᠭᠦ ᠵᠡᠷᠭᠡ ᠶᠢ ᠴᠦᠮ ᠪᠡᠶ᠎ᠡ ᠳᠠᠬᠢ ᠰᠢᠩᠭᠡᠨ ᠢᠶᠠᠷ ᠬᠦᠢᠴᠡᠳᠭᠡᠳᠡᠭ᠃ ᠡᠨᠡ ᠰᠢᠩᠭᠡᠨ ᠤ ᠵᠤᠩᠬᠢᠯᠠᠬᠤ ᠤᠯᠠᠨ ᠨᠢ ᠤᠰᠤ ᠪᠤᠯᠤᠨ᠎ᠠ᠃       ᠡᠶᠢᠮᠦ ᠠᠴᠠ ᠤᠰᠤ ᠪᠤᠯ ᠬᠦᠮᠦᠨ ᠤ ᠪᠡᠶ᠎ᠡ ᠮᠠᠬᠠᠪᠤᠳ ᠤᠨ ︽ᠬᠠᠮᠠᠭᠠᠯᠠᠬᠴᠢ︾ ᠮᠦᠨ᠂ ᠬᠦᠮᠦᠨ ᠤ ᠪᠡᠶ᠎ᠡ ᠮᠠᠬᠠᠪᠤᠳ ᠲᠠᠬᠢ ︽ᠭᠤᠯᠭᠤᠷᠢᠯ ᠡᠮ︾᠂ ᠬᠦᠮᠦᠨ ᠤ ᠪᠡᠶ᠎ᠡ ᠮᠠᠬᠠᠪᠤᠳ ᠲᠤᠳᠤᠷᠭᠢ ︽ᠵᠦᠭᠡᠭᠡᠪᠦᠷᠢᠯᠡᠭᠴᠢ︾᠂ ᠬᠦᠮᠦᠨ ᠤ ᠪᠡᠶ᠎ᠡ ᠮᠠᠬᠠᠪᠤᠳ ᠤᠨ ᠲᠤᠯᠠᠭᠠᠨ ᠤ ︽ᠵᠤᠬᠢᠴᠠᠭᠤᠯᠤᠬᠴᠢ︾ ᠮᠦᠨ᠃ ᠤᠰᠤ ᠪᠠᠰᠠ ᠬᠦᠮᠦᠨ ᠤ ᠪᠡᠶ᠎ᠡ ᠮᠠᠬᠠᠪᠤᠳ ᠤᠨ ︽ᠬᠢᠮᠢ ᠶᠢᠨ ᠴᠡᠷᠢᠭ︾ ᠮᠦᠨ᠂ ᠤᠰᠤ ᠨᠢ ᠬᠦᠮᠦᠨ ᠤ ᠪᠡᠶ᠎ᠡ ᠳᠤ ᠭᠡᠷᠡᠭᠴᠡᠭᠡ ᠲᠠᠢ ᠤᠯᠠᠨ ᠵᠦᠢᠯ ᠤᠨ ᠡᠳ᠋ ᠪᠤᠳᠠᠰ ᠪᠠ ᠬᠢᠮᠢ ᠶᠢᠨ ᠪᠢᠴᠢᠯ ᠡᠯᠧᠮᠧᠨ᠋ᠲ ᠢ ᠴᠦᠮ ᠠᠭᠤᠰᠬᠠᠵᠤ᠂ ᠢᠰᠦᠯᠳᠦᠭᠦᠯᠦᠨ ᠵᠦᠢᠯ ᠪᠦᠷᠢ ᠶᠢᠨ ᠬᠢᠮᠢ ᠶᠢᠨ ᠤᠷᠪᠠᠯ ᠭᠠᠷᠭᠠᠵᠤ᠂ ᠭᠡᠪ ᠤᠨ ᠪᠤᠳᠠᠰ ᠤᠨ ᠰᠤᠯᠢᠯᠴᠠᠭᠠᠨ ᠤ ᠨᠠᠷᠢᠨ ᠪᠤᠳᠤᠯᠢᠶᠠᠨ ᠲᠠᠢ ᠶᠠᠪᠤᠴᠠ ᠶᠢ ᠬᠦᠢᠴᠡᠳᠭᠡᠭᠡᠳ ᠠᠮᠢ ᠨᠠᠰᠤ ᠶᠢ ᠤᠷᠳᠤᠳᠬᠠᠵᠤ ᠦᠶ᠎ᠡ ᠤᠬᠰᠠᠭ᠎ᠠ ᠵᠠᠯᠭᠠᠮᠵᠢᠯᠠᠭᠤᠯᠵᠤ ᠪᠠᠶᠢᠳᠠᠬ᠃
ᠢᠷᠡᠯᠲᠡ᠄ ᠳᠠᠯᠠᠳ ᠬᠤᠰᠢᠭᠤᠨ ᠤ ᠠᠷᠠᠳ ᠤᠨ ᠵᠠᠰᠠᠭ ᠤᠨ ᠣᠷᠳᠤᠨ