ᠢᠳᠡᠭᠡᠨ ᠤ ᠬᠤᠤᠷᠳᠠᠯ
ᠨᠡᠶᠢᠲᠡᠯᠡᠭᠰᠡᠨ ᠴᠠᠭ᠄
2024/12/5
     ᠢᠳᠡᠭᠡᠨ ᠤ ᠬᠤᠤᠷᠳᠠᠯ ᠭᠡᠳᠡᠭ ᠪᠤᠯ ᠬᠤᠤᠷ ᠬᠥᠨᠥᠭᠡᠯ ᠠᠭᠤᠯᠤᠭᠳᠠᠵᠤ ᠪᠥᠬᠦᠢ ᠢᠳᠡᠭᠡᠨ ᠢ ᠢᠳᠡᠭᠰᠡᠨ ᠪᠤᠶᠤ  ᠬᠤᠤᠷ ᠬᠥᠨᠥᠭᠡᠯ ᠲᠠᠢ ᠵᠥᠢᠯ ᠢ ᠠᠳᠡᠬᠦᠷᠡᠨ ᠢᠳᠡᠭᠰᠡᠨ ᠤ ᠰᠡᠬᠦᠯᠡᠷ ᠬᠠᠯᠳᠠᠪᠤᠷᠢᠳᠤ ᠪᠤᠰᠤ ᠴᠢᠨᠠᠷᠳᠠᠢ ᠡᠪᠡᠳᠴᠢᠨ ᠭᠡᠮ ᠡᠬᠦᠰᠬᠦ ᠶᠢ ᠵᠢᠭᠠᠵᠤ ᠪᠠᠶᠢᠨ᠎ᠠ᠃ ᠡᠬᠦᠨ ᠢ ᠪᠠᠺᠲ᠋ᠧᠷᠢ ᠶᠢᠨ ᠴᠢᠨᠠᠷᠳᠠᠢ ᠢᠳᠡᠭᠡᠨ ᠤ ᠬᠤᠤᠷᠳᠠᠯ᠂ ᠵᠢᠩᠬᠢᠨᠢ ᠮᠥᠬᠦ ᠶᠢᠨ ᠴᠢᠨᠠᠷᠳᠠᠢ ᠢᠳᠡᠭᠡᠨ ᠤ ᠬᠤᠤᠷᠳᠠᠯ᠂ ᠬᠢᠮᠢ ᠶᠢᠨ ᠴᠢᠨᠠᠷᠳᠠᠢ ᠢᠳᠡᠭᠡᠨ ᠤ ᠬᠤᠤᠷᠳᠠᠯ ᠭᠡᠵᠤ ᠬᠤᠪᠢᠶᠠᠳᠠᠭ᠃           ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ             ●ᠲᠠᠪᠤᠰᠤ ᠲᠠᠢ ᠱᠥᠯᠳᠤ ᠪᠠᠷ ᠪᠥᠭᠡᠯᠵᠢᠬᠦᠯᠬᠦ᠄ ᠬᠤᠤᠷᠳᠠᠯ ᠤᠨ ᠭᠡᠮᠵᠢᠶ᠎ᠡ ᠨᠢ ᠪᠠᠭ᠎ᠠ ᠪᠥᠭᠡᠳ ᠬᠤᠤᠷᠳᠤ ᠡᠳ᠋  ᠤᠤᠭᠤᠵᠤ ᠢᠳᠡᠭᠡᠳ 2 — 3     ᠴᠠᠭ ᠪᠤᠯᠵᠤ ᠪᠠᠶᠢᠭ᠎ᠠ ᠬᠤᠤᠷᠳᠠᠭᠳᠠᠭᠰᠠᠳ ᠢ ᠪᠤᠯ ᠠᠯᠢ ᠴᠢᠳᠠᠬᠤ ᠪᠠᠷ ᠲᠠᠪᠤᠰᠤ ᠲᠠᠢ ᠤᠰᠤ ᠢᠯᠡᠬᠦᠭᠡᠨ ᠤᠤᠭᠤᠯᠭᠠᠭᠰᠠᠨ ᠤ ᠰᠡᠬᠦᠯᠡᠷ᠂ ᠰᠠᠪᠬ᠎ᠠ ᠪᠤᠶᠤ     ᠬᠤᠷᠤᠭᠤ ᠪᠠᠷ ᠢᠶᠠᠨ ᠭᠡᠥᠭᠡᠨ ᠭᠡᠯᠡ ᠶᠢ ᠨᠢ ᠬᠥᠭᠳᠡᠨ ᠤᠭᠰᠢᠭᠤᠯᠵᠤ ᠪᠥᠭᠡᠯᠵᠢᠬᠦᠯᠬᠦ ᠭᠡᠷᠡᠭᠳᠡᠢ᠃             ●ᠴᠢᠨᠠᠷ ᠨᠢ ᠬᠤᠪᠢᠷᠠᠭᠰᠠᠨ ᠵᠢᠭᠠᠰᠤ᠂ ᠰᠡᠮ ᠬᠤᠷᠤᠬᠠᠢ᠂ ᠨᠠᠢᠮᠠᠯᠵᠢ ᠵᠡᠷᠭᠡ ᠶᠢ ᠢᠳᠡᠭᠡᠳ ᠬᠤᠤᠷᠳᠠᠭᠰᠠᠨ  ᠢᠳᠡᠭᠡᠨ ᠤ ᠬᠤᠤᠷᠳᠠᠯ ᠢ ᠲᠡᠷᠦ᠋ᠢᠬᠠᠨ     ᠡᠮᠨᠡᠯᠭᠡ ᠳᠤ ᠬᠥᠷᠭᠡᠨ ᠡᠮᠨᠡᠬᠦᠯᠬᠦ ᠭᠡᠷᠡᠭᠳᠡᠢ᠃             ᠲᠤᠰᠬᠠᠢ ᠮᠡᠷᠭᠡᠵᠢᠯᠳᠡᠨ ᠤ ᠰᠠᠨᠠᠭᠤᠯᠤᠮᠵᠢ             ◇ᠢᠳᠡᠭᠡᠨ ᠳᠤ ᠬᠤᠤᠷᠳᠠᠭᠰᠠᠨ ᠪᠤᠯ ᠬᠤᠤᠷᠳᠠᠭᠳᠠᠭᠰᠠᠳ ᠤᠨ ᠢᠳᠡᠭᠰᠡᠨ ᠢᠳᠡᠭᠡᠨ ᠤ ᠥᠯᠢᠭᠡᠷ ᠭᠡᠪ ᠢ ᠠᠯᠢ ᠴᠢᠳᠠᠬᠤ ᠪᠠᠷ ᠥᠯᠡᠳᠡᠭᠡᠨ ᠠᠪᠬᠤ ᠪᠠ ᠪᠥᠭᠡᠯᠵᠢᠰᠤ᠂ ᠢᠯᠭᠠᠳᠠᠰᠤ ᠶᠢ ᠨᠢ ᠥᠯᠡᠳᠡᠭᠡᠨ ᠠᠪᠴᠤ᠂ ᠰᠢᠯᠭᠠᠨ ᠪᠠᠶᠢᠴᠠᠭᠠᠬᠤ ᠳᠤ ᠭᠡᠷᠡᠭᠯᠡᠬᠦᠯᠬᠦ ᠭᠡᠷᠡᠭᠳᠡᠢ᠃             ◇ᠪᠤᠯᠭᠤᠭᠰᠠᠨ ᠲᠥᠬᠦᠭᠡᠢ ᠢᠳᠡᠭᠡᠨ ᠢ ᠠᠰ ᠠᠰ ᠲᠤᠨᠢ ᠰᠠᠯᠭᠠᠨ ᠲᠠᠯᠪᠢᠵᠤ᠂ ᠤᠰᠤᠨ ᠤ ᠭᠠᠷᠤᠯᠳᠠ ᠵᠢᠴᠢ  ᠮᠢᠬᠠᠨ ᠤ ᠵᠥᠢᠯ ᠤᠨ ᠢᠳᠡᠭᠡᠨ ᠢ ᠬᠠᠭᠤᠷᠠᠵᠤ ᠪᠤᠯᠭᠤᠭᠰᠠᠨ ᠤ ᠰᠡᠬᠦᠯᠡᠷ ᠰᠠᠶ᠋ᠢ  ᠢᠳᠡᠵᠤ ᠪᠤᠯᠤᠨ᠎ᠠ᠃             ◇ᠤᠮᠳᠠᠭᠠᠨ ᠤ ᠯᠤᠩᠬᠤᠨ ᠳᠤ ᠬᠢᠮᠢ ᠶᠢᠨ ᠵᠥᠢᠯ ᠢ ᠰᠠᠪᠠᠯᠠᠵᠤ ᠪᠤᠯᠬᠤ ᠥᠭᠡᠢ᠂ ᠬᠢᠮᠢ ᠶᠢᠨ ᠵᠥᠢᠯ ᠰᠠᠪᠠᠯᠠᠭᠰᠠᠨ ᠯᠤᠩᠬᠤᠨ ᠲᠡᠭᠡᠷ᠎ᠡ ᠢᠯᠡ ᠲᠤᠳᠤ ᠲᠡᠮᠳᠡᠭ ᠲᠠᠯᠪᠢᠬᠤ ᠶᠢᠨ ᠲᠠᠭᠠᠤ ᠨᠢᠭᠤᠴᠠ ᠲᠠᠯᠳᠠ ᠭᠠᠵᠠᠷ ᠬᠠᠳᠠᠭᠠᠯᠠᠵᠤ᠂ ᠭᠡᠥᠭᠡᠳ ᠰᠢᠬᠤᠳ ᠠᠳᠡᠬᠦᠷᠡᠨ ᠤᠤᠭᠤᠬᠤ ᠠᠴᠠ ᠬᠢᠴᠢᠶᠡᠬᠦ ᠭᠡᠷᠡᠭᠳᠡᠢ᠃              ◇ᠢᠳᠡᠭᠡᠨ ᠳᠤ ᠬᠤᠤᠷᠳᠠᠭᠰᠠᠨ ᠬᠥᠮᠥᠨ ᠢ ᠤᠯᠵᠤ ᠮᠡᠳᠡᠪᠡᠯ ᠡᠷᠭᠡᠪᠰᠢ ᠡᠮᠨᠡᠯᠭᠡ ᠳᠤ ᠲᠥᠷᠭᠡᠨ ᠬᠥᠷᠭᠡᠵᠤ  ᠠᠪᠤᠷᠠᠯᠳᠠ ᠬᠢᠯᠭᠡᠬᠦ ᠭᠡᠷᠡᠭᠳᠡᠢ᠂         ᠲᠤᠷ᠎ᠠ ᠪᠠᠷ ᠢᠶᠠᠨ ᠡᠮ ᠤᠤᠭᠤᠯᠭᠠᠵᠤ ᠪᠤᠯᠬᠤ ᠥᠭᠡᠢ᠃     
ᠢᠷᠡᠯᠲᠡ᠄ ᠳᠠᠯᠠᠳ ᠬᠤᠰᠢᠭᠤᠨ ᠤ ᠠᠷᠠᠳ ᠤᠨ ᠵᠠᠰᠠᠭ ᠤᠨ ᠣᠷᠳᠣᠨ