ᠸᠧᠨ ᠱᠠᠩ ᠤᠨ ᠯᠦ ᠬᠤᠸᠠ ᠲᠡᠬᠢᠶ᠎ᠠ
ᠨᠡᠶᠢᠲᠡᠯᠡᠭᠰᠡᠨ ᠴᠠᠭ᠄
2024/2/18
      ᠠᠩᠭᠢᠯᠠᠯ ᠤᠨ ᠨᠡᠷᠡᠶᠢᠳᠦᠯ᠄ ᠲᠠᠬᠢᠶ᠎ᠠ       ᠡᠭᠦᠯᠳᠡᠷ ᠤᠨ ᠨᠡᠷᠡᠶᠢᠳᠦᠯ᠄ ᠸᠧᠨ ᠱᠠᠩ ᠤᠨ ᠯᠦ ᠬᠤᠸᠠ ᠲᠡᠬᠢᠶ᠎ᠠ      ᠥᠪᠡᠷᠮᠢᠴᠡ ᠣᠨᠴᠠᠯᠢᠭ      ᠸᠧᠨ ᠱᠠᠩ ᠤᠨ ᠯᠦ ᠬᠤᠸᠠ ᠲᠡᠬᠢᠶ᠎ᠠ ᠶᠢᠨ ᠭᠠᠷᠤᠯᠲᠠ ᠶᠢᠨ ᠣᠷᠣᠨ ︵ᠪᠤᠶᠤ ᠲᠠᠷᠬᠠᠯᠲᠠ︶᠄ ᠱᠠᠨᠳᠦ᠋ᠩ ᠮᠤᠵᠢ ᠶᠢᠨ ᠸᠧᠨ ᠱᠠᠩ ᠰᠢᠶᠠᠨ ᠵᠢᠴᠢ ᠣᠶᠢᠷ᠎ᠠ ᠬᠠᠪᠢ ᠶᠢᠨ ᠭᠠᠵᠠᠷ ᠣᠷᠣᠨ ᠠᠴᠠ ᠭᠠᠷᠤᠯᠲᠠ ᠲᠠᠢ᠃ ᠦᠷ᠎ᠡ ᠬᠠᠮᠠᠭᠠᠯᠠᠬᠤ ᠠᠷᠭ᠎ᠠ ᠮᠠᠶ᠋ᠢᠭ᠄ ᠦᠷ᠎ᠡ ᠬᠠᠮᠠᠭᠠᠯᠠᠬᠤ ᠣᠷᠣᠨ ᠤ ᠬᠠᠮᠠᠭᠠᠯᠠᠯᠲᠠ ᠶᠢᠨ ᠲᠤᠭ᠎ᠠ ᠬᠡᠮᠵᠢᠶ᠎ᠡ᠄ 2002 ᠣᠨ ᠳᠤ 2 - 3 ᠲᠦᠮᠡᠨ ᠲᠣᠯᠣᠭᠠᠢ ᠲᠡᠵᠢᠭᠡᠵᠦ ᠪᠠᠶᠢᠨ᠎ᠠ᠃ ᠡᠭᠦᠨ ᠤ ᠭᠤᠣᠯ ᠣᠨᠴᠠᠯᠢᠭ ᠨᠢ᠄ ᠥᠨᠳᠡᠭᠡ ᠮᠢᠬ᠎ᠠ  ᠶᠢ ᠬᠠᠪᠰᠤᠷᠭᠠᠨ ᠬᠡᠷᠡᠭᠯᠡᠬᠦ ᠬᠡᠯᠪᠡᠷᠢ ᠶᠢᠨ ᠲᠠᠬᠢᠶᠠᠨ ᠤ ᠲᠥᠷᠥᠯ ᠳᠤ ᠪᠠᠭᠲᠠᠨ᠎ᠠ᠃ ᠲᠤᠰ ᠲᠠᠬᠢᠶ᠎ᠠ ᠶᠢᠨ ᠪᠡᠶ᠎ᠡ ᠨᠢ ᠢᠵᠢᠯ᠂ ᠬᠦᠵᠦᠭᠦᠦ ᠨᠢ ᠠᠰᠬᠠᠨ᠂ ᠵᠢᠭᠠᠬᠠᠨ ᠥᠨᠳᠥᠷ ᠰᠢᠭ ᠬᠠᠷᠠᠭᠳᠠᠵᠤ᠂ ᠡᠮᠦᠨ᠎ᠡ ᠪᠡᠶ᠎ᠡ ᠨᠢ ᠵᠢᠭᠠᠬᠠᠨ ᠨᠠᠷᠢᠬᠠᠨ᠂ ᠨᠢᠷᠤᠭᠤ ᠨᠢ ᠤᠷᠲᠤ ᠪᠥᠭᠡᠳ ᠲᠡᠭᠰᠢᠬᠡᠨ᠂ ᠬᠤᠶᠢᠲᠤ ᠪᠡᠶ᠎ᠡ ᠨᠢ ᠥᠷᠭᠡᠨ ᠪᠥᠭᠡᠳ ᠮᠠᠷᠢᠶᠠᠯᠢᠭ᠂ ᠬᠥᠯ ᠨᠢ ᠨᠡᠯᠢᠶᠡᠳ ᠤᠷᠲᠤ ᠂ ᠰᠡᠭᠦᠯ ᠤᠨ ᠥᠲᠥ ᠨᠢ ᠡᠷᠲᠡᠭᠡᠷ᠂ ᠪᠡᠶ᠎ᠡ ᠨᠢ ︽ᠶᠤᠸᠠᠮᠪᠤᠤ︾ ᠬᠡᠯᠪᠡᠷᠢ ᠲᠠᠢ᠃ ᠬᠥᠨᠳᠡᠯᠡᠨ ᠲᠣᠯᠪᠣᠲᠤ ᠦᠳᠦ ᠪᠣᠯ ᠲᠤᠰ ᠲᠠᠬᠢᠶ᠎ᠠ ᠶᠢᠨ ᠭᠠᠳᠠᠷ ᠪᠠᠶᠢᠳᠠᠯ ᠤᠨ ᠦᠨᠳᠦᠰᠦᠨ ᠣᠨᠴᠠᠯᠢᠭ ᠪᠣᠯᠣᠨ᠎ᠠ᠃ ᠪᠦᠬᠦ ᠪᠡᠶ᠎ᠡ ᠶᠢᠨ ᠶᠡᠬᠡᠩᠬᠢ ᠥᠲᠥ ᠨᠢ ᠬᠠᠷ᠎ᠠ ᠴᠠᠭᠠᠨ ᠠᠯᠠᠭᠯᠠᠭᠰᠠᠨ᠂ ᠥᠷᠭᠡᠨ ᠨᠠᠷᠢᠨ ᠨᠢᠭᠡᠳᠦᠯᠲᠡᠢ ᠡᠷᠢᠶᠡᠨ ᠰᠤᠳᠠᠰᠤ  ᠲᠠᠢ ᠃ ᠡᠮᠡᠭᠴᠢᠨ ᠲᠠᠬᠢᠶ᠎ᠠ ᠶᠢᠨ ᠲᠣᠯᠣᠭᠠᠢ ᠪᠠ ᠬᠦᠵᠦᠭᠦᠨ ᠤ ᠥᠲᠥ ᠶᠢᠨ ᠬᠥᠪᠡᠭᠡ ᠪᠠᠷ ᠵᠦᠷᠵᠢ ᠶᠢᠨ ᠤᠯᠠᠭᠠᠨ ᠪᠤᠶᠤ ᠰᠢᠷᠣᠢ ᠶᠢᠨ ᠰᠢᠷ᠎ᠠ ᠥᠩᠭᠡ ᠲᠠᠢ᠂ ᠥᠲᠥ ᠨᠢ ᠨᠢᠭᠲᠠ ᠴᠢᠩᠭ᠎ᠠ ᠪᠠᠶᠢᠳᠠᠭ᠃ ᠡᠷᠡᠭᠴᠢᠨ ᠲᠠᠬᠢᠶᠠᠨ ᠤ ᠬᠦᠵᠦᠭᠦᠨ ᠤ ᠥᠲᠥ ᠪᠠ ᠨᠢᠷᠤᠭᠤᠨ ᠤ ᠥᠲᠥ ᠨᠢ ᠣᠯᠠᠩᠬᠢ ᠳᠠᠭᠠᠨ ᠤᠯᠠᠭᠠᠨ ᠥᠩᠭᠡ ᠲᠠᠢ᠂ ᠰᠡᠭᠦᠯ ᠤᠨ ᠥᠲᠥ  ᠨᠢ ᠬᠠᠷ᠎ᠠ ᠥᠩᠭᠡ ᠲᠠᠢ᠂ ᠨᠣᠭᠤᠭᠠᠨ ᠥᠩᠭᠡ ᠢᠯᠭᠠᠷᠠᠨ᠎ᠠ᠃ ᠣᠯᠠᠩᠬᠢ ᠳᠠᠭᠠᠨ ᠳᠠᠩ ᠴᠠᠴᠤᠭ ᠲᠠᠢ᠂ ᠪᠤᠷᠴᠠᠭ ᠤᠨ ᠴᠠᠴᠤᠭ᠂ ᠰᠠᠷᠭᠠᠢ ᠴᠡᠴᠡᠭ ᠤᠨ ᠴᠠᠴᠤᠭ᠂ ᠸᠠᠨᠳᠧᠦ ᠶᠢᠨ ᠴᠠᠴᠤᠭ ᠪᠠ ᠭᠦᠵᠡᠯᠵᠡᠭᠡᠨ᠎ᠡ ᠶᠢᠨ ᠴᠠᠴᠤᠭ ᠴᠥᠭᠡᠨ ᠪᠠᠶᠢᠳᠠᠭ᠃ ᠬᠤᠰᠢᠭᠤᠨ ᠤ ᠤᠭ ᠤᠨ ᠬᠡᠰᠡᠭ ᠨᠢ ᠬᠠᠷ᠎ᠠ ᠥᠩᠭᠡ ᠲᠠᠢ᠂ ᠬᠥᠪᠡᠭᠡ ᠪᠠ ᠦᠵᠦᠭᠦᠷ ᠨᠢ ᠴᠠᠭᠠᠨ ᠥᠩᠭᠡ ᠲᠠᠢ᠃ ᠰᠣᠯᠣᠩᠭ᠎ᠠ ᠵᠦᠷᠵᠢ ᠶᠢᠨ ᠤᠯᠠᠭᠠᠨ ᠥᠩᠭᠡ ᠲᠠᠢ᠃ ᠪᠦᠳᠦᠭᠦᠨ ᠰᠢᠯᠪᠢ ᠶᠢᠨ ᠥᠩᠭᠡ ᠨᠢ ᠴᠠᠭᠠᠨ ᠥᠩᠭᠡ ᠪᠠᠷ ᠭᠤᠣᠯᠯᠠᠨ᠎ᠠ᠃ ᠰᠠᠪᠠᠷ ᠤᠨ ᠬᠡᠰᠡᠭ ᠤᠨ ᠥᠩᠭᠡ ᠨᠢ ᠣᠯᠠᠩᠬᠢ ᠳᠠᠭᠠᠨ ᠴᠠᠭᠠᠨ᠂ ᠠᠷᠠᠰᠤ ᠨᠢ ᠴᠠᠭᠠᠨ ᠪᠠᠶᠢᠳᠠᠭ᠃ ᠨᠠᠰᠤᠨ ᠳᠤ ᠬᠦᠷᠦᠭᠰᠡᠨ ᠲᠠᠬᠢᠶ᠎ᠠ ᠶᠢᠨ ᠪᠡᠶ᠎ᠡ ᠶᠢᠨ ᠬᠦᠨᠳᠦ᠄ ᠡᠷ᠎ᠡ 1400 ᠭᠷᠡᠮ᠂ ᠡᠮ᠎ᠡ 1260 ᠭᠷᠡᠮ᠃ 180 ᠡᠳᠦᠷ ᠤᠨ ᠬᠤᠭᠤᠴᠠᠭᠠᠨ ᠤ ᠠᠯᠠᠰᠢᠨ ᠤ ᠨᠣᠷᠮ᠎ᠠ᠄ ᠬᠠᠭᠠᠰ ᠴᠡᠪᠡᠷ ᠬᠡᠩᠭᠦᠳᠡᠭ᠂ ᠨᠡᠶᠢᠲᠡ 81.2%᠂ ᠡᠬᠡ 80.0%︔ ᠴᠡᠪᠡᠷ ᠬᠡᠩᠭᠦᠳᠡᠭ᠂ ᠨᠡᠶᠢᠲᠡ 71.2%᠂ ᠡᠬᠡ 68.9% ᠶᠢ ᠡᠵᠡᠯᠡᠵᠦ ᠪᠠᠶᠢᠨ᠎ᠠ᠃ ᠡᠬᠢᠯᠡᠵᠦ ᠬᠥᠩᠭᠡᠵᠢᠬᠦ ᠡᠳᠦᠷ ᠨᠢ 150 -180 ᠡᠳᠦᠷ᠂ ᠬᠥᠳᠡᠭᠡ ᠲᠣᠰᠬᠤᠨ ᠤ ᠡᠩ ᠤᠨ ᠠᠷᠠᠴᠢᠯᠠᠵᠤ ᠳᠣᠳᠣᠮᠳᠠᠬᠤ ᠨᠥᠬᠦᠴᠡᠯ ᠳᠣᠣᠷ᠎ᠠ᠂ ᠵᠢᠯ ᠳᠤ 130-150 ᠥᠨᠳᠡᠭᠡᠯᠡᠨ᠎ᠡ᠃ ᠲᠡᠵᠢᠭᠡᠬᠦ ᠳᠤ ᠨᠡᠯᠢᠶᠡᠳ ᠰᠠᠶᠢᠨ ᠨᠥᠬᠦᠴᠡᠯ ᠳᠤ 180-200 ᠥᠨᠳᠡᠭᠡᠯᠡᠨ᠎ᠡ᠃ ᠥᠨᠳᠡᠭᠡᠨ ᠬᠠᠯᠢᠰᠤ ᠶᠢᠨ ᠬᠦᠨᠳᠦ ᠨᠢ 45 ᠭᠷᠡᠮ᠂ ᠥᠨᠳᠡᠭᠡᠨ ᠬᠠᠯᠢᠰᠤ ᠶᠢᠨ ᠣᠯᠠᠩᠬᠢ ᠨᠢ ᠭᠦᠢᠬᠡᠨ ᠬᠦᠷᠡᠩ ᠥᠩᠭᠡᠲᠡᠢ ᠪᠠᠶᠢᠳᠠᠭ᠃       ᠵᠣᠬᠢᠯᠳᠣᠯᠭ᠎ᠠ ᠶᠢᠨ ᠬᠦᠷᠢᠶ᠎ᠡ ᠴᠠᠷᠠᠭ᠎ᠠ      ᠱᠠᠨᠳᠦ᠋ᠩ ᠮᠤᠵᠢ ᠶᠢᠨ ᠸᠧᠨ ᠱᠠᠩ ᠰᠢᠶᠠᠨ ᠵᠢᠴᠢ ᠣᠶᠢᠷ᠎ᠠ ᠬᠠᠪᠢ ᠶᠢᠨ ᠭᠠᠵᠠᠷ ᠣᠷᠣᠨ ᠠᠴᠠ ᠭᠠᠷᠤᠯᠲᠠ ᠲᠠᠢ᠃   
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ