| ᠨᠢᠭᠡ᠂ ᠰᠢᠩᠭᠡᠭᠡᠯᠲᠡ ᠶᠢᠨ ᠵᠠᠮ ᠤᠨ ᠪᠦᠲᠦᠴᠡ ᠪᠠ ᠴᠢᠳᠠᠮᠵᠢ | ᠦᠬᠡᠷ ᠤᠨ ᠬᠤᠳᠣᠭᠤᠳᠤ ᠶᠢ ᠭᠦᠵᠡᠭᠡᠲᠦ ᠬᠤᠳᠣᠭᠤᠳᠤ᠂ ᠲᠣᠣᠷᠯᠢᠭ ᠬᠤᠳᠣᠭᠤᠳᠤ᠂ ᠬᠠᠪᠬᠠᠯᠠᠭ᠎ᠠ ᠬᠤᠳᠣᠭᠤᠳᠤ᠂ ᠦᠷᠴᠢᠯᠡᠭᠡᠰᠦ ᠬᠤᠳᠣᠭᠤᠳᠤ ᠭᠡᠵᠦ 4 | ᠲᠠᠰᠤᠯᠭ᠎ᠠ ᠬᠤᠪᠢᠶᠠᠳᠠᠭ᠃ ᠡᠮᠦᠨ᠎ᠡ 3 ᠲᠠᠰᠤᠯᠭ᠎ᠠ ᠶᠢᠨ ᠰᠠᠯᠢᠰᠤᠲᠤ ᠪᠦᠷᠬᠦᠪᠴᠢ ᠨᠢ ᠰᠢᠩᠭᠡᠭᠡᠯᠲᠡ ᠶᠢᠨ ᠪᠤᠯᠴᠢᠷᠬᠠᠢ ᠦᠭᠡᠢ᠂ ᠰᠢᠩᠭᠡᠭᠡᠯᠲᠡ ᠶᠢᠨ ᠰᠢᠩᠭᠡᠨ ᠢ | ᠰᠢᠭᠦᠷᠡᠭᠦᠯᠳᠡᠭ ᠦᠭᠡᠢ᠂ ᠲᠡᠭᠦᠨ ᠢ ᠨᠡᠶᠢᠯᠡᠭᠦᠯᠦᠭᠡᠳ ᠡᠮᠦᠨ᠎ᠡ ᠬᠤᠳᠣᠭᠤᠳᠤ ᠭᠡᠳᠡᠭ᠂ ᠦᠷᠴᠢᠯᠡᠭᠡᠰᠦ ᠬᠤᠳᠣᠭᠤᠳᠤ ᠶᠢ ᠪᠠᠰᠠ ᠵᠢᠩᠬᠢᠨᠢ ᠬᠤᠳᠣᠭᠤᠳᠤ ᠭᠡᠳᠡᠭ᠂ | ᠲᠡᠭᠦᠨ ᠤ ᠰᠠᠯᠢᠰᠤᠲᠤ ᠪᠦᠷᠬᠦᠪᠴᠢ ᠨᠢ ᠰᠢᠩᠭᠡᠭᠡᠯᠲᠡ ᠶᠢᠨ ᠰᠢᠩᠭᠡᠨ ᠢ ᠰᠢᠭᠦᠷᠡᠭᠦᠯᠳᠡᠭ᠂ ᠲᠡᠭᠦᠨ ᠤ ᠠᠵᠢᠯᠯᠠᠭ᠎ᠠ ᠨᠢ ᠭᠠᠭ᠋ᠠᠢ᠂ ᠮᠣᠷᠢ ᠵᠡᠷᠭᠡ ᠠᠮᠢᠲᠠᠨ ᠲᠠᠢ | ᠠᠳᠠᠯᠢᠪᠲᠤᠷ ᠪᠠᠶᠢᠳᠠᠭ᠃ | ᠬᠤᠶᠠᠷ᠂ ᠭᠦᠵᠡᠭᠡ | ᠪᠠᠶᠢᠷᠢᠯᠠᠯ᠄ ᠪᠠᠷᠤᠭ ᠪᠦᠬᠦ ᠬᠡᠪᠡᠯᠢ ᠶᠢᠨ ᠬᠥᠨᠳᠡᠢ ᠶᠢᠨ ᠵᠡᠭᠦᠨ ᠬᠠᠭᠠᠰ ᠬᠡᠰᠡᠭ ᠢ ᠡᠵᠡᠯᠡᠨ᠎ᠡ᠃ | ᠶᠡᠭᠡ ᠪᠠᠭ᠎ᠠ᠄ ᠪᠠᠭᠲᠠᠭᠠᠮᠵᠢ ᠶᠡᠭᠡ᠂ ᠦᠬᠡᠷ ᠤᠨ ᠬᠤᠳᠣᠭᠤᠳᠤᠨ ᠤ ᠳᠥᠷᠪᠡᠨ ᠲᠠᠰᠤᠯᠭ᠎ᠠ ᠶᠢᠨ ᠶᠡᠷᠦᠩᠬᠡᠢ ᠪᠠᠭᠲᠠᠭᠠᠮᠵᠢ ᠶᠢᠨ 80% ᠶᠢ ᠡᠵᠡᠯᠡᠨ᠂ ᠲᠣᠮᠣ | ᠬᠡᠯᠪᠡᠷᠢ ᠶᠢᠨ ᠦᠬᠡᠷ ᠤᠨ ᠭᠦᠵᠡᠭᠡᠨ ᠤ ᠪᠠᠭᠲᠠᠭᠠᠮᠵᠢ ᠨᠢ 140-230L᠂ ᠵᠢᠵᠢᠭ ᠬᠡᠯᠪᠡᠷᠢ ᠶᠢᠨ ᠦᠬᠡᠷ 95-130L ᠪᠣᠯᠣᠨ᠎ᠠ᠃ | ᠦᠢᠯᠡᠳᠦᠯ᠄ ᠭᠦᠵᠡᠭᠡ ᠪᠣᠯ ᠢᠰᠬᠡᠭᠰᠡᠨ ᠲᠡᠵᠢᠭᠡᠯ ᠪᠣᠷᠳᠣᠭᠠᠨ ᠤ ᠲᠠᠯᠠᠪᠤᠷ ᠮᠥᠨ᠂ ᠭᠤᠣᠯᠳᠠᠭᠤ ᠮᠢᠺᠷᠣᠪ ᠢᠶᠠᠷ ᠰᠢᠩᠭᠡᠭᠡᠳᠡᠭ᠃ | ᠭᠤᠷᠪᠠ᠂ ᠲᠣᠣᠷᠯᠢᠭ ᠬᠤᠳᠣᠭᠤᠳᠤ | ᠪᠠᠶᠢᠷᠢᠰᠢᠯ᠄ ᠲᠣᠣᠷᠯᠢᠭ ᠬᠤᠳᠣᠭᠤᠳᠤ ᠨᠢ ᠭᠦᠵᠡᠭᠡᠨ ᠤ ᠡᠮᠦᠨ᠎ᠡ ᠳᠣᠣᠷ᠎ᠠ ᠲᠠᠯ᠎ᠠ ᠳᠤ ᠪᠠᠶᠢᠷᠢᠰᠢᠵᠤ᠂ ᠥᠷᠥᠴᠡ ᠲᠠᠢ ᠨᠢᠭᠲᠠ ᠨᠠᠭᠠᠯᠳᠤᠨ᠂ ᠠᠯᠢᠮ᠎ᠠ | ᠬᠡᠯᠪᠡᠷᠢᠲᠡᠢ᠂ ᠡᠮᠦᠨ᠎ᠡ ᠬᠤᠶᠢᠨ᠎ᠠ ᠨᠢ ᠵᠢᠭᠠᠬᠠᠨ ᠬᠠᠮᠰᠠᠶᠢᠭᠠᠷ᠂ ᠪᠠᠷᠤᠭ 6-9 ᠳ᠋ᠦᠭᠡᠷ ᠬᠠᠪᠢᠷᠭ᠎ᠠ ᠶᠢᠨ ᠵᠠᠪᠰᠠᠷ ᠲᠠᠢ ᠡᠰᠡᠷᠭᠦᠯᠡᠨᠡ᠃ | ᠶᠡᠭᠡ ᠪᠠᠭ᠎ᠠ᠄ ᠦᠬᠡᠷ ᠤᠨ ᠬᠤᠳᠣᠭᠤᠳᠤᠨ ᠤ ᠳᠥᠷᠪᠡᠨ ᠲᠠᠰᠤᠯᠭ᠎ᠠ ᠶᠢᠨ ᠳᠤᠳᠤᠷ᠎ᠠ ᠪᠠᠭᠲᠠᠭᠠᠮᠵᠢ ᠪᠠᠷ ᠬᠠᠮᠤᠭ ᠪᠠᠭ᠎ᠠ ᠨᠢᠭᠡ ᠲᠠᠰᠤᠯᠭ᠎ᠠ ᠪᠠᠶᠢᠵᠤ᠂ | ᠨᠠᠰᠤᠨ ᠳᠤ ᠬᠦᠷᠦᠭᠰᠡᠨ ᠦᠬᠡᠷ ᠤᠨ ᠲᠣᠣᠷᠯᠢᠭ ᠬᠤᠳᠣᠭᠤᠳᠤ ᠨᠢ ᠪᠠᠷᠤᠭ ᠳᠥᠷᠪᠡᠨ ᠬᠤᠳᠣᠭᠤᠳᠤᠨ ᠤ ᠲᠠᠰᠤᠯᠭ᠎ᠠ ᠶᠢᠨ ᠶᠡᠷᠦᠩᠬᠡᠢ ᠪᠠᠭᠲᠠᠭᠠᠮᠵᠢ ᠶᠢᠨ 5% ᠶᠢ | ᠡᠵᠡᠯᠡᠨ᠎ᠡ᠃ | ᠦᠢᠯᠡᠳᠦᠯ᠄ ᠭᠦᠵᠡᠭᠡᠨ ᠤ ᠠᠭᠰᠢᠯᠲᠠ ᠲᠠᠢ ᠤᠶᠠᠯᠳᠤᠭᠤᠯᠤᠨ᠂ ᠢᠳᠡᠭᠡᠨ ᠢ ᠳᠠᠬᠢᠨ ᠠᠮᠠᠨ ᠤ ᠬᠥᠨᠳᠡᠢ ᠳᠤ ᠪᠤᠴᠠᠭᠠᠵᠤ᠂ ᠬᠡᠪᠢᠵᠦ᠂ ᠲᠡᠵᠢᠭᠡᠯ ᠪᠣᠷᠳᠤᠭ᠎ᠠ ᠶᠢ | ᠳᠠᠭᠠᠵᠤ ᠤᠷᠤᠭᠰᠠᠨ ᠬᠦᠨᠳᠦ ᠶᠠᠭᠤᠮ᠎ᠠ ︵ᠬᠠᠳᠠᠭᠠᠰᠤ᠂ ᠲᠡᠮᠦᠷ ᠤᠲᠠᠰᠤ︶ ᠶᠢ ᠠᠳᠡ ᠰᠢᠭᠰᠢᠨ ᠬᠤᠴᠤᠷᠭᠠᠳᠠᠭ︔ ᠦᠢᠯᠡᠳᠦᠯ᠄ ᠢᠳᠡᠭᠡᠨ ᠢ ᠨᠢᠴᠠᠯᠤᠨ ᠬᠡᠮᠬᠡᠴᠢᠬᠦ | ᠂ ᠢᠰᠬᠡᠵᠦ ᠵᠥᠭᠡᠭᠡᠪᠦᠷᠢᠯᠡᠬᠦ ᠦᠢᠯᠡᠳᠦᠯ ᠲᠠᠢ᠃ | ᠳᠥᠷᠪᠡ᠂ ᠬᠠᠪᠬᠠᠯᠠᠭ᠎ᠠ ᠬᠤᠳᠣᠭᠤᠳᠤ | ᠪᠠᠶᠢᠷᠢᠰᠢᠯ᠄ ᠬᠠᠪᠬᠠᠯᠠᠭ᠎ᠠ ᠬᠤᠳᠣᠭᠤᠳᠤ ᠨᠢ ᠪᠠᠷᠠᠭᠤᠨ ᠬᠠᠪᠢᠷᠭᠠᠨ ᠬᠡᠰᠡᠭ ᠲᠤ ᠪᠠᠶᠢᠷᠢᠯᠠᠵᠤ᠂ ᠭᠦᠵᠡᠭᠡ ᠪᠣᠯᠣᠨ ᠲᠣᠣᠷᠯᠢᠭ ᠬᠤᠳᠣᠭᠤᠳᠤ ᠶᠢᠨ | ᠠᠭᠤᠯᠵᠠᠷ ᠤᠨ ᠪᠠᠷᠠᠭᠤᠨ ᠲᠠᠯ᠎ᠠ ᠳᠤ ᠪᠠᠶᠢᠵᠤ᠂ ᠪᠠᠷᠤᠭ 7-11 ᠪᠤᠶᠤ 12 ᠳ᠋ᠤᠭᠠᠷ ᠬᠠᠪᠢᠷᠭᠠᠨ ᠶᠠᠰᠤ ᠲᠠᠢ ᠡᠰᠡᠷᠭᠦᠯᠡᠨ ᠣᠷᠣᠰᠢᠳᠠᠭ ︵ᠬᠤᠨᠢᠨ ᠤ ᠨᠡᠯᠢᠶᠡᠳ | ᠪᠠᠭ᠎ᠠ ᠨᠢ 9-10 ᠳ᠋ᠤᠭᠠᠷ ᠬᠠᠪᠢᠷᠭᠠᠨ ᠶᠠᠰᠤ ᠲᠠᠢ ᠡᠰᠡᠷᠭᠦᠯᠡᠨ ᠣᠷᠣᠰᠢᠳᠠᠭ᠂ ᠪᠠᠶᠢᠷᠢᠰᠢᠯ ᠨᠢ ᠦᠬᠡᠷ ᠤᠨ ᠬᠢ ᠠᠴᠠ ᠥᠨᠳᠥᠷ ᠪᠥᠭᠡᠳ ᠬᠡᠪᠡᠯᠢ ᠶᠢᠨ ᠬᠠᠨ᠎ᠠ ᠲᠠᠢ | ᠬᠦᠷᠦᠯᠴᠡᠬᠦ ᠦᠭᠡᠢ︶᠃ | ᠶᠡᠭᠡ ᠪᠠᠭ᠎ᠠ᠄ ᠶᠡᠷᠦᠩᠬᠡᠢ ᠪᠠᠭᠲᠠᠭᠠᠮᠵᠢ ᠶᠢᠨ 7-8% ᠶᠢ ᠡᠵᠡᠯᠡᠳᠡᠭ ᠃ | ᠦᠢᠯᠡᠳᠦᠯ᠄ ᠭᠦᠵᠡᠭᠡᠨ ᠤ ᠰᠢᠩᠭᠡᠭᠡᠯᠲᠡ ᠶᠢᠨ ᠠᠵᠢᠯᠯᠠᠭ᠎ᠠ ᠶᠢᠨ ᠦᠷᠭᠦᠯᠵᠢᠯᠡᠯ᠂ ᠲᠡᠭᠦᠨ ᠤ ᠠᠵᠢᠯᠯᠠᠭ᠎ᠠ ᠨᠢ ᠶᠠᠭ ᠤᠰᠤᠨ ᠬᠥᠭᠡᠷᠭᠡ ᠲᠠᠢ ᠠᠳᠠᠯᠢ᠂ | ᠭᠦᠵᠡᠭᠡᠨ ᠤ ᠳᠣᠲᠣᠷᠠᠬᠢ ᠪᠣᠳᠠᠰ ᠨᠢ ᠠᠳᠡ ᠥᠳᠬᠡᠷᠡᠬᠦ ᠶᠢᠨ ᠬᠠᠮᠲᠤ ᠤᠯᠠᠮ ᠨᠢᠭᠡ ᠠᠯᠬᠤᠮ ᠨᠢᠴᠠᠯᠵᠤ᠂ ᠦᠷᠦᠵᠦ ᠦᠷᠦᠭᠰᠡᠨ ᠲᠡᠵᠢᠭᠡᠯ ᠪᠣᠷᠳᠣᠭᠠᠨ ᠤ | ᠮᠥᠬᠦᠯᠢᠭ ᠢ ᠦᠷᠴᠢᠯᠡᠭᠡᠰᠦ ᠳᠤ ᠣᠷᠣᠭᠤᠯᠬᠤ ᠶᠢᠨ ᠬᠠᠮᠲᠤ ᠤᠰᠤ᠂ ᠵᠢᠵᠢᠭ ᠫᠧᠫᠲ᠋ᠢᠳ᠋᠂ ᠳᠡᠭᠳᠡᠮᠡᠬᠡᠢ ᠥᠭᠡᠬᠦᠨ ᠬᠦᠴᠢᠯ ︵VFA︶ ᠪᠣᠯᠣᠨ ᠵᠠᠷᠢᠮ ᠣᠷᠭᠠᠨᠢᠭ | ᠪᠤᠰᠤ ᠢᠶᠤᠨ ᠢ ᠰᠢᠩᠭᠡᠭᠡᠬᠦ ᠴᠢᠳᠠᠪᠤᠷᠢ ᠪᠠᠷ ᠮᠠᠰᠢ ᠴᠢᠩᠭ᠎ᠠ ᠪᠠᠶᠢᠳᠠᠭ᠃ | ᠲᠠᠪᠤ᠂ ᠦᠷᠴᠢᠯᠡᠭᠡᠰᠦ ᠬᠤᠳᠣᠭᠤᠳᠤ | ᠪᠠᠶᠢᠷᠢᠯᠠᠯ᠄ ᠪᠠᠷᠠᠭᠤᠨ ᠬᠠᠪᠢᠷᠭᠠᠨ ᠬᠡᠰᠡᠭ ᠪᠠ ᠰᠡᠯᠡᠮᠡᠨ ᠬᠡᠯᠪᠡᠷᠢᠲᠦ ᠮᠥᠭᠡᠷᠰᠦᠨ ᠤ ᠬᠡᠰᠡᠭ ᠲᠤ ᠪᠠᠶᠢᠷᠢᠯᠠᠵᠤ᠂ ᠲᠣᠣᠷᠯᠢᠭ ᠬᠤᠳᠣᠭᠤᠳᠤ ᠪᠠ ᠭᠦᠵᠡᠭᠡᠨ ᠤ | ᠬᠡᠪᠡᠯᠢ ᠶᠢᠨ ᠤᠭᠤᠲᠠ ᠶᠢᠨ ᠪᠠᠷᠠᠭᠤᠨ ᠲᠠᠯ᠎ᠠ᠂ ᠦᠷᠴᠢᠯᠡᠭᠡᠰᠦ ᠬᠤᠳᠣᠭᠤᠳᠤᠨ ᠤ ᠬᠡᠪᠡᠯᠢ ᠶᠢᠨ ᠲᠠᠯ᠎ᠠ ᠪᠠ ᠠᠷᠤ ᠲᠠᠯ᠎ᠠ ᠶᠢᠨ ᠶᠡᠬᠡᠩᠬᠢ ᠬᠡᠰᠡᠭ ᠨᠢ ᠬᠡᠪᠡᠯᠢ ᠶᠢᠨ | ᠬᠥᠨᠳᠡᠢ ᠶᠢᠨ ᠢᠷᠤᠭᠠᠷ ᠤᠨ ᠬᠠᠨ᠎ᠠ ᠲᠠᠢ ᠨᠢᠭᠲᠠ ᠨᠠᠭᠠᠯᠳᠤᠨ᠎ᠠ᠃ | ᠶᠡᠭᠡ ᠪᠠᠭ᠎ᠠ᠄ ᠳᠥᠷᠪᠡᠨ ᠬᠤᠳᠣᠭᠤᠳᠤᠨ ᠬᠤᠪᠲᠣᠯ ᠤᠨ ᠪᠠᠭᠲᠠᠭᠠᠮᠵᠢ ᠶᠢᠨ 7-8% ᠶᠢ ᠡᠵᠡᠯᠡᠳᠡᠭ᠃ | ᠴᠢᠳᠠᠪᠤᠷᠢ᠄ ᠬᠡᠪᠢᠭᠴᠢ ᠠᠮᠢᠲᠠᠨ ᠤ ᠴᠣᠷ ᠤᠨ ᠭᠠᠭᠴᠠ ᠰᠢᠭᠦᠷᠡᠭᠦᠯᠬᠦ ᠴᠢᠳᠠᠪᠤᠷᠢ ᠲᠠᠢ ᠬᠤᠳᠣᠭᠤᠳᠤ᠂ ᠨᠢᠭᠡᠴᠢ ᠠᠮᠢᠲᠠᠨ ᠲᠠᠢ ᠠᠳᠠᠯᠢᠪᠲᠤᠷ᠂ ᠳᠠᠪᠤᠰᠤᠨ | ᠬᠦᠴᠢᠯ᠂ ᠬᠤᠳᠣᠭᠤᠳᠤᠨ ᠤ ᠤᠭᠤᠷᠠᠭ ᠤᠨ ᠢᠰᠬᠡᠭᠦᠷ ᠵᠡᠷᠭᠡ ᠰᠢᠩᠭᠡᠭᠡᠯᠲᠡ ᠶᠢᠨ ᠰᠢᠩᠭᠡᠨ ᠢ ᠰᠢᠭᠦᠷᠡᠭᠦᠯᠦᠨ᠎ᠡ᠃ | |