ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠠᠷᠪᠠᠳᠤᠭᠠᠷ ᠬᠤᠭᠤᠴᠠᠭᠠᠨ ᠤ ᠴᠦᠬᠡᠨ ᠲᠤᠭᠠᠳᠤ ᠦᠨᠳᠤᠰᠤᠳᠡᠨ ᠤ ᠣᠯᠠᠮᠵᠢᠯᠠᠯᠲᠤ ᠪᠡᠶ᠎ᠡ ᠶᠢᠨ ᠲᠠᠮᠢᠷ ᠤᠨ | ᠴᠤᠭᠯᠠᠭᠠᠨ ᠤ ᠲᠦᠷᠪᠡᠳ ᠬᠤᠰᠢᠭᠤᠨ ᠳᠠᠬᠢ ᠬᠤᠪᠢᠶᠠᠷᠢ ᠲᠠᠯᠠᠪᠠᠢ ᠶᠢᠨ ᠣᠷᠤᠯᠳᠤᠭᠠᠨ ᠳᠤ᠂ ᠮᠠᠯᠵᠢᠬᠤ ᠰᠤᠶᠤᠯ ᠪᠠ ᠪᠡᠶ᠎ᠡ ᠶᠢᠨ ᠲᠠᠮᠢᠷ ᠢ ᠣᠷᠭᠠᠨᠢᠭ ᠢᠶᠠᠷ | ᠤᠶᠠᠯᠳᠤᠭᠤᠯᠤᠭᠰᠠᠨ ᠰᠤᠨᠢᠷᠬᠠᠯᠲᠤ ᠨᠠᠭᠠᠳᠤᠮ ᠪᠤᠯᠬᠤ ᠲᠡᠮᠡᠭᠡᠨ ᠪᠦᠮᠪᠦᠭᠡ ᠶᠢᠨ ᠣᠷᠤᠯᠳᠤᠭᠠᠨ ᠤ ᠦᠵᠡᠬᠦᠯᠦᠯᠭᠡ ᠶᠢᠨ ᠲᠤᠭᠯᠠᠯᠳᠠ ᠨᠢ ᠦᠵᠡᠭᠴᠢ ᠣᠯᠠᠨ ᠤ ᠪᠠᠭ᠋ᠠᠷᠬᠠᠯ | ᠰᠤᠨᠢᠷᠬᠠᠯ ᠢ ᠲᠠᠳᠠᠵᠦ᠂ ᠲᠠᠮᠢᠷᠴᠢᠳ ᠤᠨ ᠭᠠᠶᠢᠬᠠᠯᠳᠠᠢ ᠴᠢᠳᠠᠮᠠᠭᠠᠢ ᠤᠷ᠎ᠠ ᠴᠢᠳᠠᠪᠦᠷᠢ᠂ ᠪᠤᠰᠢᠭᠤ ᠱᠠᠯᠠᠮᠠᠭᠠᠢ ᠦᠢᠯᠡ ᠬᠦᠳᠡᠯᠦᠯ᠂ ᠡᠷᠡᠯᠬᠡᠭ ᠲᠠᠶᠢᠴᠢᠨ ᠰᠦᠰᠤ ᠵᠣᠷᠢᠭ ᠪᠠ | ᠬᠦᠮᠤᠨ ᠲᠡᠮᠡᠭᠡ ᠨᠢᠭᠡ ᠴᠤᠭᠴᠠᠵᠢᠭᠰᠠᠨ ᠤᠶᠠᠯᠳᠤᠯ ᠵᠤᠬᠢᠴᠠᠯᠳᠤᠯ ᠨᠢ ᠮᠣᠩᠭᠤᠯᠴᠤᠳ ᠤᠨ ᠡᠷᠲᠡ ᠢᠵᠡᠭᠤᠷ ᠠᠴᠠ ᠲᠠᠪᠤᠨ ᠬᠤᠰᠢᠭᠤ ᠮᠠᠯ ᠢᠶᠠᠨ ᠠᠷᠠᠴᠢᠯᠠᠨ ᠳᠤᠳᠤᠮᠳᠠᠵᠦ᠂ | ᠬᠠᠶᠢᠷᠠᠯᠠᠵᠦ ᠬᠢᠮᠠᠭᠠᠳᠠᠨ᠂ ᠰᠢᠨᠵᠢᠯᠡᠬᠦ ᠤᠬᠠᠭᠠᠴᠢ ᠪᠠᠷ ᠠᠰᠢᠭᠯᠠᠵᠦ ᠢᠷᠡᠭᠰᠡᠨ ᠴᠡᠴᠠᠨ ᠮᠡᠷᠭᠡᠨ ᠣᠢ ᠪᠢᠯᠢᠭ ᠢ ᠬᠦᠢᠴᠡᠳ ᠬᠠᠷᠠᠭᠤᠯᠵᠦ᠂ ᠡᠭᠦᠪᠡᠷ ᠲᠠᠮᠵᠢᠭᠤᠯᠤᠨ | ᠦᠨᠳᠤᠰᠤᠳᠡᠨ ᠤ ᠰᠢᠯᠢᠳᠡᠭ ᠤᠯᠠᠮᠵᠢᠯᠠᠯᠲᠤ ᠥᠪ ᠰᠤᠶᠤᠯ ᠢ ᠣᠯᠠᠨ ᠲᠠᠶᠠᠭᠠᠷ ᠲᠤ ᠲᠠᠨᠢᠭᠤᠯᠤᠨ ᠮᠡᠳᠡᠷᠡᠬᠦᠯᠵᠦ᠂ ᠤᠯᠠᠮᠵᠢᠯᠠᠨ ᠬᠥᠭᠵᠢᠬᠦᠯᠬᠦ ᠶᠢ ᠵᠣᠷᠢᠭᠰᠠᠨ ᠪᠠᠶᠢᠨ᠎ᠠ᠃ | ᠲᠡᠭᠡᠪᠡᠯ ᠲᠡᠮᠡᠭᠡᠨ ᠪᠦᠮᠪᠦᠭᠡ ᠶᠢᠨ ᠣᠷᠤᠯᠳᠤᠭᠠᠨ ᠤ ᠡᠭᠦᠰᠦᠯ ᠬᠦᠭᠵᠢᠯ᠂ ᠳᠦᠷᠢᠮ ᠭᠤᠷᠢᠮ ᠪᠠ ᠤᠯᠠᠮᠵᠢᠯᠠᠨ ᠵᠠᠯᠭᠠᠮᠵᠢᠯᠠᠬᠤ ᠠᠴᠢ ᠬᠤᠯᠪᠤᠭᠳᠠᠯ ᠤᠨ ᠲᠤᠬᠠᠢ ᠡᠷᠭᠢᠮ ᠲᠠ | ᠲᠤᠤᠷᠠᠬᠢ ᠮᠡᠳᠡᠭᠡᠨ ᠠᠴᠠ ᠤᠶᠢᠯᠠᠭᠠᠬᠤ ᠪᠤᠯᠪᠠᠥ᠃ | |