ᠶᠠᠪᠠᠭᠠᠨ ᠬᠥᠮᠥᠨ ᠪᠤᠯ ᠵᠠᠮ ᠬᠠᠷᠢᠯᠴᠠᠭᠠᠨ ᠤ ᠡ᠊ᠨᠳᠡᠯ ᠤᠨ ᠲᠤᠳᠤᠷ᠎ᠠ ᠪᠠᠭᠤᠷᠠᠶᠢᠴᠤᠳ ᠪᠤᠯᠬᠤ ᠪᠥᠭᠡᠳ ᠲᠤᠩ ᠠᠮᠠᠷᠬᠠᠨ ᠬᠥᠨᠥᠭᠡᠯ ᠠᠮᠰᠠᠳᠠᠭ᠃ | ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ | ● ᠶᠠᠪᠠᠭᠠᠨ ᠬᠥᠮᠥᠨ ᠮᠠᠰᠢᠨᠳᠤ ᠲᠡᠷᠭᠡ ᠯᠦᠭᠡ ᠡ᠊ᠨᠳᠡᠯ ᠡᠬᠦᠰᠥᠭᠰᠡᠨ ᠤ ᠰᠡᠬᠦᠯᠡᠷ ᠵᠥᠪᠳᠡᠯᠴᠡᠨ ᠰᠢᠢᠳᠪᠥᠷᠢᠯᠡᠵᠤ ᠴᠢᠳᠠᠬᠤ ᠥᠭᠡᠢ ᠥᠶᠡᠰ᠂ ᠲᠡᠷᠦ᠋ᠢᠬᠠᠨ | ᠴᠠᠭᠳᠠᠭ᠎ᠠ ᠳᠤ ᠮᠡᠳᠡᠬᠦᠯᠬᠦ ᠶᠢᠨ ᠲᠠᠭᠠᠤ ᠭᠡᠷᠡᠭ ᠭᠠᠷᠭᠠᠭᠰᠠᠨ ᠮᠡᠰᠢᠨ ᠲᠡᠷᠭᠡᠨ ᠤ ᠲᠡᠮᠳᠡᠭ ᠳ᠋ᠤᠭᠠᠷ ᠢ ᠲᠡᠮᠳᠡᠭᠯᠡᠨ ᠠᠪᠴᠤ᠂ ᠵᠠᠮ ᠬᠠᠷᠢᠯᠴᠠᠭᠠᠨ ᠤ ᠴᠠᠭᠳᠠᠭ᠎ᠠ | ᠬᠥᠷᠥᠯᠴᠡᠨ ᠢᠷᠡᠵᠤ ᠰᠢᠢᠳᠪᠥᠷᠢᠯᠡᠬᠦ ᠶᠢ ᠬᠥᠯᠢᠶᠡᠬᠦ ᠭᠡᠷᠡᠭᠳᠡᠢ᠃ | ● ᠶᠠᠪᠠᠭᠠᠨ ᠬᠥᠮᠥᠨ ᠮᠠᠰᠢᠨᠳᠤ ᠲᠡᠷᠭᠡᠨ ᠳᠤ ᠬᠥᠨᠳᠤ ᠨᠤᠴᠢᠳᠠᠢ ᠮᠥᠷᠬᠦᠭᠳᠡᠨ ᠰᠢᠷᠬᠠᠳᠤᠭᠰᠠᠨ ᠪᠤᠯ ᠵᠢᠯᠤᠭᠤᠴᠢ ᠨᠢ ᠲᠡᠷᠦ᠋ᠢᠬᠠᠨ 122 ᠳᠤ ᠤᠳᠠᠰᠤᠳᠠᠨ | ᠴᠠᠭᠳᠠᠭ᠎ᠠ ᠳᠤ ᠮᠡᠳᠡᠬᠦᠯᠵᠤ᠂ 120 ᠳᠤ ᠤᠳᠠᠰᠤᠳᠠᠨ ᠠᠪᠤᠷᠠᠨ ᠲᠤᠰᠠᠯᠠᠭᠤᠯᠬᠤ ᠶᠢᠨ ᠬᠠᠮᠳᠤ ᠴᠢᠰᠤ ᠲᠤᠭᠳᠠᠭᠠᠬᠤ᠂ ᠪᠤᠭᠤᠬᠤ ᠪᠤᠶᠤ ᠲᠤᠭᠳᠠᠪᠤᠷᠢᠵᠢᠭᠤᠯᠬᠤ | ᠵᠡᠷᠭᠡ ᠠᠩᠬ᠎ᠠ ᠠᠯᠬᠤᠮ ᠤᠨ ᠠᠪᠤᠷᠠᠯᠳᠠ ᠶᠢᠨ ᠠᠷᠭ᠎ᠠ ᠭᠡᠮᠵᠢᠶ᠎ᠡ ᠶᠢ ᠠᠪᠴᠤ᠂ ᠰᠢᠷᠬᠠᠳᠤᠭᠰᠠᠳ ᠤᠨ ᠠᠮᠢᠰᠬᠤᠯ ᠤᠨ ᠵᠠᠮ ᠢ ᠰᠢᠯᠤᠭᠤᠳᠬᠠᠨ ᠪᠠᠶᠢᠯᠭᠠᠬᠤ ᠶᠢ | ᠠᠩᠬᠠᠷᠬᠤ ᠭᠡᠷᠡᠭᠳᠡᠢ᠂ ᠭᠡᠷᠪᠡ ᠠᠮᠢᠰᠬᠤᠯ ᠪᠠ ᠵᠢᠷᠥᠭᠡᠨ ᠴᠤᠬᠢᠯᠭ᠎ᠠ ᠨᠢ ᠵᠤᠭᠰᠤᠭᠰᠠᠨ ᠪᠤᠯ ᠲᠡᠷᠡᠦ᠋ᠢᠬᠠᠨ ᠠᠭᠤᠰᠬᠢ ᠵᠢᠷᠥᠭᠡ ᠶᠢ ᠨᠢ ᠰᠡᠷᠬᠦᠭᠡᠬᠦ ᠠᠷᠭ᠎ᠠ ᠪᠠᠷ | ᠲᠥᠷᠭᠡᠨ ᠠᠪᠤᠷᠠᠯᠳᠠ ᠬᠢᠨ᠎ᠠ᠃ | ● ᠶᠠᠪᠠᠭᠠᠨ ᠬᠥᠮᠥᠨ ᠮᠠᠰᠢᠨᠳᠤ ᠪᠤᠰᠤ ᠲᠡᠷᠭᠡ ᠯᠦᠭᠡ ᠵᠠᠮ ᠬᠠᠷᠢᠯᠴᠠᠭᠠᠨ ᠤ ᠡ᠊ᠨᠳᠡᠯ ᠡᠬᠦᠰᠥᠭᠰᠡᠨ ᠤ ᠰᠡᠬᠦᠯᠡᠷ ᠥᠪᠡᠷᠳᠡᠭᠡᠨ ᠵᠥᠪᠳᠡᠯᠴᠡᠨ ᠰᠢᠢᠳᠪᠥᠷᠢᠯᠡᠵᠤ | ᠴᠢᠳᠠᠬᠤ ᠥᠭᠡᠢ ᠪᠠᠶᠢᠳᠠᠯ ᠲᠤᠤᠷ᠎ᠠ᠂ ᠲᠡᠷᠦ᠋ᠢᠬᠠᠨ ᠴᠠᠭᠳᠠᠭ᠎ᠠ ᠳᠤ ᠮᠡᠳᠡᠭᠦᠯᠦᠨ᠎ᠡ᠃ | ● ᠬᠥᠮᠥᠨ ᠲᠠᠭᠠᠷᠢᠴᠢᠬᠠᠭᠠᠳ ᠲᠡᠷᠭᠡ ᠵᠢᠯᠤᠭᠤᠳᠤᠨ ᠲᠤᠳᠠᠭᠠᠭᠰᠠᠨ ᠪᠠᠶᠢᠳᠠᠯ ᠳᠤ ᠲᠤᠬᠢᠶᠠᠯᠳᠤᠪᠠᠯ᠂ ᠠᠯᠢ ᠴᠢᠳᠠᠬᠤ ᠪᠠᠷ ᠭᠡᠷᠡᠭ ᠭᠠᠷᠭᠠᠭᠰᠠᠳ ᠢ | ᠨᠡᠭᠡᠮᠵᠢᠯᠡᠬᠦ ᠭᠡᠷᠡᠭᠳᠡᠢ᠃ ᠰᠢᠷᠬᠠᠳᠤᠭᠰᠠᠨ ᠪᠠᠶᠢᠳᠠᠯ ᠲᠤᠤᠷ᠎ᠠ᠂ ᠬᠠᠵᠠᠭᠤ ᠬᠠᠪᠢ ᠶᠢᠨ ᠬᠥᠮᠥᠰ ᠢ ᠭᠤᠶᠤᠨ ᠭᠡᠷᠡᠭ ᠭᠠᠷᠭᠠᠭᠰᠠᠳ ᠢ ᠲᠤᠰᠤᠨ ᠵᠤᠭᠰᠤᠭᠠᠬᠤ ᠪᠤᠶᠤ | ᠬᠠᠮᠢᠶ᠎ᠠ ᠪᠥᠬᠦᠢ ᠤᠨᠴᠠᠯᠢᠬ ᠢ ᠨᠢ ᠴᠡᠭᠡᠵᠢᠯᠡᠬᠦᠯᠥᠨ ᠠᠪᠬᠤ ᠭᠡᠷᠡᠭᠳᠡᠢ᠃ | ● ᠵᠠᠮ ᠬᠠᠷᠢᠯᠴᠠᠭᠠᠨ ᠤ ᠬᠥᠨᠳᠤ ᠨᠤᠴᠢᠳᠠᠢ ᠡ᠊ᠨᠳᠡᠯ ᠡᠬᠦᠰᠥᠭᠰᠡᠨ ᠥᠶᠡᠰ᠂ ᠰᠢᠷᠬᠠᠳᠤᠭᠰᠠᠳ ᠤᠨ ᠨᠢᠷᠤᠭᠤ ᠰᠡᠭᠡᠷ ᠤᠨ ᠶᠠᠰᠤ ᠨᠢ ᠬᠤᠭᠤᠷᠠᠭᠰᠠᠨ | ᠪᠠᠶᠢᠵᠤ ᠮᠡᠳᠡᠬᠦ ᠲᠤᠯᠠ᠂ ᠡᠨᠡ ᠥᠶᠡᠰ ᠲᠡᠬᠦᠨ ᠢ ᠶᠠᠭᠠᠬᠢᠭᠰᠠᠨ ᠴᠤ ᠤᠷᠪᠠᠭᠤᠯᠵᠤ ᠬᠥᠷᠪᠡᠬᠦᠯᠵᠤ ᠪᠤᠯᠬᠤ ᠥᠭᠡᠢ᠃ ᠨᠢᠷᠤᠭᠤ ᠰᠡᠭᠡᠷ ᠤᠨ ᠶᠠᠰᠤ ᠨᠢ ᠬᠤᠭᠤᠷᠠᠭᠰᠠᠨ | ᠡᠰᠡᠬᠦ ᠶᠢ ᠮᠠᠭᠠᠳᠯᠠᠨ ᠲᠤᠳᠤᠯᠵᠤ ᠴᠢᠳᠠᠬᠤ ᠥᠭᠡᠢ ᠪᠤᠯ ᠮᠥᠨᠬᠦ ᠨᠢᠷᠤᠭᠤ ᠰᠡᠭᠡᠷ ᠤᠨ ᠶᠠᠰᠤ ᠬᠤᠭᠤᠷᠠᠭᠰᠠᠨ ᠢᠶᠠᠷ ᠰᠢᠢᠳᠪᠥᠷᠢᠯᠡᠬᠦ ᠭᠡᠷᠡᠭᠳᠡᠢ᠃ | ᠲᠤᠰᠬᠠᠢ ᠮᠡᠷᠭᠡᠵᠢᠯᠳᠡᠨ ᠤ ᠰᠠᠨᠠᠭᠤᠯᠤᠮᠵᠢ | ◇ ᠶᠠᠪᠠᠭᠠᠨ ᠬᠥᠮᠥᠨ ᠵᠠᠰᠠᠮᠠᠯ ᠵᠠᠮ ᠢ ᠤᠭᠳᠤᠯᠤᠨ ᠭᠠᠷᠬᠤ ᠳᠠᠭᠠᠨ ᠶᠠᠪᠠᠭᠠᠨ ᠬᠥᠮᠥᠨ ᠤ ᠵᠠᠮ᠂ ᠱᠠᠳᠤᠳᠤ ᠬᠥᠬᠦᠷᠭᠡ᠂ ᠨᠥᠭᠡᠨ ᠵᠠᠮ ᠢᠶᠠᠷ ᠶᠠᠪᠤᠬᠤ | ᠭᠡᠷᠡᠭᠳᠡᠢ᠃ ᠶᠠᠪᠠᠭᠠᠨ ᠬᠥᠮᠥᠨ ᠤ ᠵᠠᠮ ᠢᠶᠠᠷ ᠶᠠᠪᠤᠬᠤ ᠳᠠᠭᠠᠨ ᠴᠤ ᠵᠡᠬᠦᠨᠰᠢ ᠪᠠᠷᠠᠭᠤᠨᠰᠢ ᠪᠠᠨ ᠰᠠᠶᠢᠳᠤᠷ ᠯᠠᠪᠯᠠᠨ ᠬᠠᠷᠠᠵᠤ᠂ ᠠᠶᠤᠯ ᠥᠭᠡᠢ ᠪᠠᠶᠢᠳᠠᠯ ᠲᠤᠤᠷ᠎ᠠ ᠰᠠᠶ᠋ᠢ | ᠲᠥᠷᠭᠡᠭᠡᠨ ᠥᠡᠭᠭᠡᠷᠡᠨ ᠭᠠᠷᠬᠤ ᠭᠡᠷᠡᠭᠳᠡᠢ᠃ | ◇ ᠶᠠᠪᠠᠭᠠᠨ ᠬᠥᠮᠥᠨ ᠵᠠᠮ ᠲᠡᠭᠡᠷᠡᠬᠢ ᠲᠤᠰᠠᠭᠠᠷᠯᠠᠬᠤ ᠬᠠᠰᠢᠯᠭ᠎ᠠ ᠶᠢ ᠲᠠᠪᠠᠨ ᠭᠠᠷᠬᠤ ᠪᠠ ᠵᠠᠶᠢᠳᠠᠯᠠᠨ ᠰᠠᠭᠤᠵᠤ ᠪᠤᠯᠬᠤ ᠥᠭᠡᠢ᠃ ᠲᠡᠷᠭᠡᠨ ᠳᠤ ᠠᠪᠢᠷᠠᠬᠤ᠂ | ᠲᠡᠷᠭᠡ ᠶᠢ ᠠᠯᠪᠠᠳᠠᠨ ᠬᠤᠷᠢᠭᠯᠠᠬᠤ ᠪᠠ ᠵᠠᠮ ᠱᠤᠭᠤᠮ ᠤᠨ ᠠᠮᠤᠷ ᠲᠥᠪᠰᠢᠨ ᠢ ᠬᠠᠷᠰᠢᠯᠠᠬᠤ ᠪᠤᠰᠤᠳ ᠵᠥᠢᠯ ᠤᠨ ᠠᠵᠢᠯᠯᠠᠭ᠎ᠠ ᠠᠪᠴᠤ ᠪᠤᠯᠬᠤ ᠥᠭᠡᠢ᠃ | ◇ ᠰᠤᠷᠭᠠᠭᠤᠯᠢ ᠶᠢᠨ ᠨᠠᠰᠤᠨ ᠠᠴᠠ ᠡᠮᠥᠨᠡᠬᠢ ᠭᠡᠥᠭᠡᠳ᠂ ᠮᠡᠳᠡᠷᠡᠯ ᠤᠨ ᠡᠪᠡᠳᠴᠢᠨ ᠲᠠᠢ ᠬᠥᠮᠥᠨ᠂ ᠤᠬᠠᠭᠠᠨ ᠰᠠᠨᠠᠭ᠎ᠠ ᠲᠤᠳᠠᠮᠠᠭ ᠬᠥᠮᠥᠰ ᠭᠠᠳᠠᠭᠰᠢ | ᠭᠠᠷᠬᠤ ᠳᠤ ᠵᠠᠪᠠᠯ ᠬᠥᠮᠥᠨ ᠲᠠᠭᠠᠭᠤᠯᠬᠤ ᠭᠡᠷᠡᠭᠳᠡᠢ᠃ | ◇ ᠮᠠᠰᠢᠨᠳᠤ ᠲᠡᠷᠭᠡᠨ ᠤ ᠵᠠᠮ ᠲᠡᠭᠡᠷ᠎ᠡ ᠡᠳ᠋ ᠪᠠᠷᠠᠭ᠎ᠠ ᠬᠤᠳᠠᠯᠳᠤᠬᠤ᠂ ᠰᠤᠨᠢᠨ ᠰᠡᠳᠬᠦᠯ ᠬᠤᠳᠠᠯᠳᠤᠬᠤ᠂ ᠵᠠᠷ ᠮᠡᠳᠡᠭᠡ ᠲᠡᠷᠬᠠᠭᠠᠬᠤ ᠶᠢ ᠴᠠᠭᠠᠵᠠᠯᠠᠬᠤ | ᠮᠥᠷᠳᠡᠭᠡᠨ ᠭᠡᠥᠭᠡᠳ ᠤᠳ ᠮᠠᠰᠢᠨᠳᠤ ᠲᠡᠷᠭᠡᠨ ᠤ ᠵᠠᠮ ᠲᠡᠭᠡᠷ᠎ᠡ ᠨᠠᠭᠠᠳᠴᠤ ᠲᠤᠭᠯᠠᠬᠤ ᠶᠢ ᠴᠠᠭᠠᠵᠠᠯᠠᠨ᠎ᠠ᠃ | |